ᠨᠡᠪᠲᠡᠷᠡᠨ ᠤᠷᠤᠬᠤ
ᠤᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ
᠊᠊᠊᠊᠊᠊᠊᠊᠊᠊᠊᠊᠊᠊᠊ ᠪᠠᠶᠠᠭᠤᠳ ᠬᠠᠢ᠌ᠷᠠᠬᠠᠨ ᠤ ᠰᠢᠯᠦᠭ᠌ ᠲᠤ ᠨᠡᠢ᠌ᠯᠡᠭᠦᠯᠪᠡ

ᠣᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ

ᠣᠷᠤᠭᠤᠯ ᠤᠨ ᠴᠢᠨᠢ ᠪᠣᠳᠤᠭ ᠡᠩᠭᠡᠷ ᠲᠤ ᠬᠤᠸᠠᠷ ᠵᠡᠭᠦᠯᠭᠡᠨ᠎ᠡ

ᠣᠶᠠᠬᠠᠨ ᠬᠠᠷᠠᠴᠠ ᠴᠢᠨᠢ ᠵᠢᠷᠦᠭᠡᠨ ᠳᠤ ᠬᠠᠢ᠌ᠷ᠎ᠠ ᠰᠢᠪᠰᠢᠨ᠎ᠡ

ᠣᠴᠠᠷᠠᠯ ᠤᠨ ᠪᠣᠯᠵᠤᠭ᠎ᠠ ᠣᠶᠠᠩᠭ᠋᠎ᠠ ᠰᠢᠯᠦᠭ᠌ ᠰᠢᠭ᠌ ᠰᠡᠳᠭᠢᠯ ᠳᠤ ᠣᠷᠭᠤᠨ᠎ᠠ


ᠣᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ

ᠭᠡᠷ ᠲᠤ ᠴᠢᠨᠢ ᠶᠠᠭᠤᠮ᠎ᠠ ᠪᠠᠨ ᠮᠠᠷᠳᠠᠭᠰᠠᠨ ᠰᠢᠭ ᠡᠷᠭᠢᠵᠤ ᠪᠣᠴᠠᠮᠠᠷ

ᠭᠡᠭᠡ ᠣᠷᠤᠳᠠᠯ᠎ᠠ ᠬᠠᠮᠳᠤ ᠪᠠᠢ᠌ᠭᠰᠠᠨ ᠶᠢᠡᠨ ᠳᠤᠩᠬᠠᠭᠯᠠᠵᠤ ᠵᠠᠷᠯᠠᠮᠠᠷ

ᠭᠡᠷᠡᠯᠳᠤ ᠨᠠᠷᠠᠨ ᠤ ᠳᠤᠤᠷ᠎ᠠ ᠬᠠᠮᠳᠤ ᠳᠠᠭᠠᠨ ᠰᠠᠭᠤᠵᠤ ᠵᠢᠷᠭᠠᠮᠠᠷ


ᠣᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ

ᠬᠡᠦᠬᠡᠳ ᠰᠢᠭ᠌ ᠦᠨᠡᠨ ᠳᠤᠷᠠᠯᠠᠵᠤ ᠴᠢᠳᠠᠭᠰᠠᠨ ᠳᠠᠭᠠᠨ ᠪᠠᠶᠠᠰᠤᠮᠠᠷ

ᠭᠡᠦᠭᠡᠨ ᠴᠢᠮ᠎ᠠ ᠳᠤ ᠰᠡᠳᠭᠢᠯ ᠶᠢᠡᠨ ᠠᠷᠭᠠᠮᠵᠢᠭᠤᠯᠤᠭᠰᠠᠨ ᠳᠠᠭᠠᠨ ᠳᠤᠭᠳᠤᠯᠤᠮᠠᠷ

ᠬᠤᠷᠢᠮ ᠤᠨ ᠡᠳᠦᠷ ᠤᠨ ᠵᠠᠷ ᠰᠢᠭ ᠢᠯᠠ ᠪᠣᠯᠤᠭᠰᠠᠨ ᠳᠠᠭᠠᠨ ᠣᠮᠤᠭᠰᠢᠮᠠᠷ


ᠣᠷᠭ᠎ᠠ ᠪᠠᠨ ᠳᠤᠯᠤᠨ ᠮᠤᠷᠢᠨ ᠳᠠᠭᠠᠨ ᠮᠤᠷᠳᠠᠬᠤ ᠬᠤᠷᠤᠮᠬᠠᠨ

ᠬᠠᠷᠠᠮᠨᠠᠨ ᠰᠠᠨᠠᠭᠰᠠᠨ ᠠᠮᠠᠷᠠᠭ ᠴᠢᠮ᠎ᠠ ᠪᠠᠨ ᠨᠢᠯᠪᠣᠰᠤᠷᠠᠴᠢᠬᠠᠬᠤ ᠡᠴᠠ ᠡᠮᠢᠶᠡᠨ᠎ᠡ

ᠬᠠᠴᠠᠷ ᠨᠢᠭᠤᠷ ᠢ ᠴᠢᠨᠢ ᠬᠠᠷ᠎ᠠ ᠰᠠᠯᠭᠢᠨ ᠡᠴᠠ ᠴᠤ ᠬᠠᠷᠠᠮᠨᠠᠨ ᠰᠠᠨᠠᠵᠤ

ᠬᠠᠯᠠᠭᠤᠨ ᠵᠢᠷᠦᠭᠡᠨ ᠳᠡᠭᠡᠨ ᠳᠦᠷᠢ ᠶᠢ ᠴᠢᠨᠢ ᠰᠠᠢ᠌ᠯᠵᠤ ᠶᠠᠪᠣᠨ᠎ᠠ ᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠠᠢ᠌ᠮᠠᠭ ᠤᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12340
ᠴᠠᠭ᠄ 2013 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ