ᠨᠡᠪᠲᠡᠷᠡᠨ ᠤᠷᠤᠬᠤ
ᠰᠠᠷᠭᠠᠢ ᠶᠢᠨ ᠦᠨᠦᠷ ᠪᠠ ᠰᠠᠨᠠᠭᠠᠨ ᠤ ᠦᠨᠡᠨ

ᠰᠠᠷᠭᠠᠢ ᠴᠡᠴᠡᠭ᠌ ᠤᠨ

ᠰᠠᠢ᠌ᠬᠠᠨ ᠡᠩᠭᠦᠷᠡᠢ ᠳᠦᠷᠭᠦ ᠪᠠᠷ ᠶᠢᠡᠨ

ᠰᠠᠮᠭᠠᠷᠳᠠᠭᠤᠯᠵᠤ ᠪᠠᠯᠠᠭᠳᠠᠭᠤᠯᠳᠠᠭ ᠨᠢ ᠴᠢᠨᠤ ᠶᠠᠯ᠎ᠠ

ᠰᠠᠯᠠᠭ᠎ᠠ ᠨᠠᠮᠠᠭ᠎ᠠ ᠪᠦᠭᠦᠨ ᠨᠢ

ᠰᠠᠨᠠᠭ᠎ᠠ ᠰᠡᠳᠭᠢᠯ ᠳᠤ ᠠᠰᠠᠭᠠᠭᠰᠠᠨ

ᠰᠠᠴᠤᠷᠠᠨ ᠳᠦᠷᠡᠯᠵᠡᠭᠡ ᠮᠢᠨᠤ ᠭᠠᠯ

ᠴᠢᠮ᠎ᠠ ᠦᠭᠡᠶ ᠰᠦᠨᠢ

ᠨᠠᠷᠠ ᠊ᠭ᠍‍ᠬᠢᠷᠳᠦᠴᠢᠭᠡᠳᠡᠭ᠌ ᠪᠢᠯᠠ

ᠴᠢᠮ᠎ᠠ ᠲᠡᠶ ᠰᠦᠨᠢ

ᠰᠠᠷᠠ ᠳᠡᠷᠭᠡᠯᠯᠡᠴᠢᠭᠡᠳᠡᠭ᠌ ᠪᠢᠯᠠ

ᠴᠡᠭᠡᠵᠢ ᠪᠠᠨ ᠬᠠᠪᠳᠠᠢ᠌ᠳᠠᠯ᠎ᠠ ᠵᠤᠪᠠᠳᠠᠭ ᠪᠢᠯᠠ

ᠴᠡᠭᠡᠷ ᠠᠯᠳᠠᠳᠠᠯ᠎ᠠ ᠪᠠᠶᠠᠰᠳᠠᠭ ᠪᠢᠯᠠ

ᠡᠭᠦᠳᠡᠨ ᠳᠤ ᠴᠢᠨᠢ ᠭᠦᠷᠴᠤ ᠴᠢᠳᠠᠬᠤ ᠦᠭᠡᠶ ᠳᠤ ᠪᠠᠨ

ᠵᠡᠭᠦᠳᠤᠨ ᠳᠤ ᠪᠠᠨ ᠪᠢ ᠰᠢᠨᠠᠯᠳᠠᠭ ᠶᠤᠮ᠃

ᠦᠷᠤ ᠵᠥᠭᠡᠯᠡᠷᠡᠭᠦᠯᠦᠮ᠎ᠡ ᠭᠡᠷᠡᠯ ᠳᠠᠳᠠᠳᠠᠭ

ᠣᠰᠬᠠᠯ ᠵᠥᠭᠡᠯᠡᠨ ᠬᠠᠷᠠᠴᠠᠨ ᠳᠤ ᠴᠢᠨᠢ

ᠥᠯᠢᠭᠡᠷ ᠤᠨ ᠶᠤᠮ ᠰᠢᠭ᠌ ᠨᠢᠰᠤᠨ ᠵᠠᠪᠳᠤᠵᠤ

ᠠᠭᠤᠰᠤᠨ ᠴᠡᠩᠭᠡᠭᠦ ᠶᠢ ᠮᠢᠨᠢ ᠠᠭᠤᠴᠢᠯᠠ

ᠣᠶᠠᠨ ᠨᠠᠭᠢᠯᠤᠭ᠎ᠠ ᠭᠠᠯᠪᠢᠷ ᠢ ᠴᠢᠨᠢ ᠰᠠᠨᠠᠵᠤ

ᠣᠷᠠᠨ ᠵᠥᠭᠡᠯᠡᠨ ᠡᠭᠡᠰᠢᠭ᠌ ᠢ ᠴᠢᠨᠢ ᠮᠠᠨᠠᠵᠤ

ᠣᠬᠠᠭᠠᠯᠢᠭ ᠴᠢᠮ᠎ᠠ ᠪᠠᠨ ᠣᠷᠮ᠎ᠠ ᠲᠡᠶ ᠳᠤᠷᠠᠰᠬᠤ

ᠣᠷᠭᠤᠬᠤ ᠭᠦᠰᠡᠯ ᠶᠢᠡᠨ ᠣᠮᠳᠠᠯᠠᠵᠤ ᠪᠣᠰᠤᠨᠠᠮ᠃

ᠥᠭᠡᠷ ᠳᠡᠨᠡᠭ᠌ ᠦᠦ ᠭᠡᠵᠤ

ᠦᠪᠡᠷ ᠢ ᠪᠠᠨ ᠦᠷᠭᠦᠢ ᠵᠢᠮᠡᠯᠡᠭᠦ ᠶᠤᠮ

ᠣᠷᠢᠶᠠᠩᠭᠤ ᠰᠢᠭ ᠨᠠᠭᠠᠯᠳᠤᠬᠤ ᠡᠴᠡ ᠮᠢᠨᠢ ᠰᠢᠷᠬᠢᠢᠨ

ᠰᠤᠯᠤᠩᠭ᠎ᠠ ᠰᠢᠭ ᠮᠢᠷᠠᠯᠵᠠᠨ ᠬᠤᠯᠠᠳᠬᠤ ᠳᠤ ᠴᠢᠨᠢ

ᠡᠯᠢᠭᠡ ᠳᠠᠳᠠᠯᠳᠤᠨ

ᠡᠩᠰᠡᠷᠡᠳᠡᠯ᠎ᠡ ᠣᠭᠢᠯᠠᠵᠤ

ᠡᠭ᠍ᠰᠢᠭᠦ ᠦᠭᠡᠶ ᠨᠢᠯᠪᠣᠰᠤ ᠪᠠᠷ ᠶᠢᠡᠨ

ᠡᠮᠭᠡᠨᠢᠯ ᠶᠢᠡᠨ ᠣᠭᠢᠶᠠᠬᠤ ᠶᠢ ᠶᠠᠭᠠᠭᠢᠯ᠎ᠠ︖

ᠴᠡᠴᠡᠭ᠌ ᠤᠨ ᠳᠡᠭᠡᠷ᠎ᠡ

ᠳᠤᠷᠳᠤᠭ ᠭᠦᠷᠭᠦ ᠡᠴᠡ ᠬᠠᠯᠢᠷᠠᠯ᠎ᠠ

ᠴᠡᠪᠠᠷᠭᠡᠨ ᠶᠠᠭᠠᠨ ᠬᠠᠴᠠᠷ ᠢ ᠴᠢᠨᠢ

ᠳᠠᠭᠠᠯᠠᠬᠤ ᠪᠠᠨ ᠬᠠᠢ᠌ᠷᠠᠯᠠᠯ᠎ᠠ

ᠰᠦᠮᠪᠣ ᠴᠠᠭᠠᠨ ᠬᠤᠷᠤᠭᠤᠳ ᠢ ᠴᠢᠨᠢ

ᠰᠦᠨᠢᠵᠢᠨ ᠯᠠᠪ ᠪᠣᠯᠭᠠᠨ ᠠᠰᠠᠭᠠᠵᠤ

ᠰᠥᠮᠡᠢ᠌ᠭᠦ ᠵᠢᠭᠠᠬᠠᠨ ᠭᠤᠷᠢ ᠲᠡᠶ ᠪᠠᠨ

ᠰᠡᠳᠭᠢᠯ ᠶᠢᠡᠨ ᠭᠡᠢ᠌ᠭᠦᠯᠵᠤ ᠰᠠᠭᠤᠭᠠᠤᠨ

ᠳᠠᠰ ᠬᠠᠷ᠎ᠠ ᠰᠡᠪᠠᠯᠭᠡ ᠶᠢᠨ ᠴᠢᠨᠢ

ᠰᠤᠭᠳᠤᠭᠠᠬᠤ ᠦᠨᠦᠷ ᠢ ᠳᠠᠨᠢ ᠳᠤᠷᠠᠰᠤᠨ

ᠠᠰ ᠲᠦᠯᠭᠡᠨ ᠬᠠᠷᠠᠴᠠ ᠶᠢᠨ ᠴᠢᠨᠢ

ᠰᠢᠪᠠᠨᠡᠭᠦ ᠥᠭᠡ ᠶᠢ ᠰᠠᠨᠠᠵᠤ

ᠳᠠᠨ ᠲᠡᠶ ᠠᠭᠤᠯᠵᠠᠬᠤ ᠶᠢ ᠶᠠᠭᠠᠷᠠᠭᠰᠠᠭᠠᠷ

ᠳᠠᠯ᠎ᠠ ᠵᠢᠷᠦᠭᠡ ᠪᠠᠨ ᠰᠠᠪᠠᠴᠢᠭᠤᠯᠵᠤ ᠰᠠᠭᠤᠬᠤ ᠵᠢᠷᠭᠠᠯᠠᠩ︕

  


ᠵᠤᠬᠢᠶᠠᠭᠴᠢ ᠶᠢᠨ ᠬᠠ‍‌ᠶᠢᠭ ᠄ ᠵᠠᠷᠤᠳ

ᠵᠤᠬᠢᠶᠠᠭᠴᠢ᠄ ᠳ·ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2011 ᠤᠨ ᠤ 05 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ