ᠨᠡᠪᠲᠡᠷᠡᠨ ᠤᠷᠤᠬᠤ
ᠳᠡᠮᠡᠭᠡᠴᠢᠨ ᠡᠪᠦᠭᠡᠨ

ᠪᠣᠷᠠᠠᠳᠠᠭ ᠶᠢᠡᠨ ᠥᠭᠡᠢ᠌ᠯᠡᠭ᠍ᠰᠡᠨ

ᠳᠡᠮᠡᠭᠡᠴᠢ ᠡᠪᠦᠭᠡᠨ

ᠪᠣᠷᠤᠭᠠᠨ ᠤ ᠳᠤᠰᠤᠯ ᠢ

ᠭᠤᠶᠤᠵᠤ ᠶᠠᠪᠣᠯ᠎ᠠ

ᠪᠣᠷᠬᠠᠨ ᠣᠷᠤᠨ ᠤ

ᠠᠪᠣᠷᠠᠯ ᠤᠨ ᠭᠡᠰᠢᠭ᠌ ᠢ

ᠠᠯᠠᠭ᠎ᠠ ᠪᠠᠨ ᠳᠤᠰᠴᠤ

ᠮᠦᠷᠭᠦᠵᠤ ᠦᠵᠡᠯ᠎ᠠ

ᠭᠠᠩ ᠤᠨ ᠭᠤᠪᠢ ᠳᠤ

ᠨᠠᠷᠠ ᠰᠢᠳᠠᠨ

ᠭᠠᠵᠠᠷ ᠤᠨ ᠣᠯᠠ ᠡᠴᠠ

ᠣᠴᠢ ᠦᠰᠦᠷᠠᠨ᠎ᠡ

ᠪᠣᠷᠤᠭᠠᠠᠳᠤ ᠣᠯᠠᠷᠢᠯ ᠤᠨ

ᠵᠡᠭᠦᠳᠤ ᠪᠠᠨ ᠰᠠᠨᠠᠵᠤ

ᠰᠢᠭᠣᠢ᠌ᠳᠤ ᠣᠢ ᠪᠠᠨ

ᠳᠤᠷᠠᠰᠴᠤ ᠰᠠᠭᠤᠯ᠎ᠠ

ᠵᠡᠷᠭᠡᠯᠭᠡᠨ ᠤ ᠬᠤᠯᠠ ᠡᠴᠠ

ᠵᠤᠭᠳᠤᠷᠯᠠᠵᠤ ᠪᠠᠭᠤᠳᠠᠭ

ᠵᠠᠭ ᠤᠨ ᠣᠯᠠᠭᠠᠨ ᠶᠢᠡᠨ

ᠵᠡᠭᠦᠳᠦᠯᠡᠵᠤ ᠬᠤᠨᠤᠨ᠎ᠠ

ᠪᠣᠳᠤᠭᠤ ᠢᠩᠭᠡᠨ

ᠪᠣᠢ᠌ᠯᠠᠭᠠᠨ ᠡᠭᠡᠰᠢᠭ᠌ ᠶᠢᠡᠷ

ᠭᠤᠪᠢ ᠪᠠᠨ ᠰᠡᠷᠭᠦᠭᠡᠳᠡᠭ᠌

ᠡᠭᠡᠰᠢᠭ᠌ ᠶᠢᠡᠨ ᠰᠠᠨᠠᠯ᠎ᠠ

ᠪᠠᠳᠠᠢ ᠶᠢᠨ ᠵᠢᠷᠠᠨ ᠤ

ᠳᠡᠭ᠍ᠷᠢ ᠡᠯᠡᠰᠤ

ᠪᠠᠷᠠᠭᠠᠨ ᠤ ᠬᠤᠯᠠ ᠳᠤ

ᠥᠵᠦᠭᠦᠷ ᠦᠭᠡᠶ

ᠪᠠᠷᠳᠠᠭᠠᠳᠤ ᠦᠨᠳᠦᠷ

ᠣᠷᠭᠢᠯ ᠤᠨ ᠴᠠᠭᠠᠨ᠎ᠠ

ᠨᠤᠭᠤᠭᠠᠨ ᠪᠦᠷᠢᠳᠤ ᠲᠡᠶ ᠪᠠᠨ

ᠬᠤᠨᠤᠭᠰᠢᠳᠠᠭ ᠪᠠᠢ᠌ᠯ᠎ᠠ ︕

ᠪᠣᠷᠠᠠᠳᠠᠭ ᠶᠢᠡᠨ ᠪᠠᠷᠢᠭᠰᠠᠨ

ᠳᠡᠮᠡᠭᠡᠴᠢᠨ ᠡᠪᠦᠭᠡᠨ

ᠡᠷᠢᠯ ᠶᠢᠡᠨ ᠢᠩᠭᠢᠵᠤ

ᠬᠠᠢ᠌ᠳᠠᠭ ᠪᠠᠢ᠌ᠯ᠎ᠠ

ᠣᠷᠴᠢᠯ ᠤᠨ ᠦᠷᠭᠡᠨ

ᠬᠠᠷᠭᠤᠢ ᠳᠤ ᠰᠢᠩᠭᠡᠵᠤ

ᠨᠠᠷᠠ ᠲᠡᠶ ᠪᠠᠨ ᠵᠢᠷᠭᠠᠵᠤ

ᠠᠮᠤᠷᠵᠢᠳᠠᠭ ᠪᠠᠢ᠌ᠬ᠎ᠠ

ᠨᠠᠷᠠ ᠳᠤ ᠪᠣᠷᠤᠯᠠᠭᠰᠠᠨ

ᠴᠢᠷᠠᠢ ᠳᠤ ᠪᠠᠨ ᠢᠨᠢᠶᠡᠮᠰᠦᠭᠯᠡᠵᠤ

ᠪᠦᠷᠢᠳᠤ ᠪᠠᠨ ᠨᠡᠭᠡᠵᠤ

ᠭᠦᠷᠤᠨ᠎ᠡ ᠪᠠᠢ᠌ᠬ᠎ᠠ ᠁  

 

  2012 .02 .08


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2652
ᠴᠠᠭ᠄ 2012 ᠤᠨ ᠤ 02 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ