☆ ᠭᠠᠩᠭ᠋᠎ᠠ
ᠣᠳᠤ ᠦᠶ᠎ᠡ ᠶᠢᠨ ᠮᠤᠩᠭᠤᠯ ᠭᠦᠮᠤᠨ
ᠬᠤᠶᠠᠷ ᠮᠤᠩᠭ᠋ᠤᠯ ᠠᠭᠤᠯᠵᠠᠪᠠᠯ
ᠨᠢᠭᠡ ᠯᠤᠩᠬᠤ ᠳᠤᠩᠭ᠋ᠣᠢ᠌ᠨᠠ᠂
ᠬᠤᠶᠠᠷ ᠭᠡᠮ ᠣᠷᠤᠪᠠᠯ
ᠨᠢᠭᠡ ᠰᠢᠷᠡᠭᠡ ᠳᠠᠷᠬᠠᠨᠠ᠃
ᠬᠤᠰᠢᠭᠤ ᠠᠮᠠ ᠨᠢ ᠱᠤᠷᠤ
ᠬᠤᠰᠭᠢᠨᠠᠭ ᠢ ᠬᠤᠴᠢᠯᠠᠵᠤ ᠬᠠᠳᠬᠤᠨ᠎ᠠ᠂
ᠬᠠᠷᠠᠬᠤ ᠨᠢᠳᠤ ᠨᠢ ᠰᠤᠬᠤᠷ
ᠬᠠᠷ᠎ᠠ ᠴᠠᠭᠠᠨ ᠢ ᠬᠤᠤᠠᠬᠤᠯᠳᠤᠭᠤᠯᠤᠨᠠ᠃
ᠥᠰᠦᠭ᠍ᠰᠡᠨ ᠨᠢᠭᠡ ᠮᠤᠩᠭ᠋ᠤᠯ ᠶᠢᠡᠨ
《ᠢᠯᠠᠴᠢᠯᠠᠵᠤ》 ᠪᠠᠢ᠌ᠭᠰᠠᠭᠠᠷ ᠣᠨᠠᠭᠠᠨ᠎ᠠ᠂
ᠥᠨᠢᠷᠵᠢᠭ᠍ᠰᠡᠨ ᠨᠢᠭᠡ ᠮᠤᠩᠭ᠋ᠤᠯ ᠶᠢᠡᠨ
《ᠢᠳᠡᠭ᠍ᠰᠡᠭᠡᠷ》 ᠪᠠᠢ᠌ᠵᠤ ᠬᠤᠮᠠᠬᠠᠢ᠌ᠷᠠᠭᠤᠯᠤᠨᠠ᠃
ᠰᠤᠮᠤ ᠢᠯᠭᠠᠵᠤ ᠳᠤᠰᠬᠠᠢ᠌ᠵᠢᠨᠠ
ᠰᠠᠯᠭᠢ ᠳᠠᠭᠠᠵᠤ ᠭᠡᠯᠡᠭᠡᠢ᠌ᠵᠢᠨᠡ᠂
ᠰᠤᠶᠤᠯ ᠶᠢᠡᠨ ᠮᠠᠷᠳᠠᠵᠤ ᠰᠠᠭᠠᠷᠮᠠᠭᠵᠢᠨᠠ
ᠰᠠᠳᠤ ᠦᠷ᠎ᠡ ᠪᠠᠷ ᠴᠥᠭᠡᠷᠡᠨ᠎ᠡ᠃
ᠰᠠᠬᠠᠯ ᠳᠠᠯᠪᠢᠵᠤ ᠬᠠᠷᠢᠵᠢᠨᠠ
ᠰᠠᠪᠬ᠎ᠠ ᠪᠠᠷᠢᠵᠤ ᠳᠤᠳᠤᠷᠵᠢᠨᠠ᠂
ᠰᠠᠭᠢᠯ ᠠᠯᠳᠠᠵᠤ ᠣᠠᠳᠤᠤᠰᠢᠨᠠ
ᠰᠠᠭᠠᠯᠢ ᠶᠢᠨ ᠦᠨᠦᠷ ᠡᠴᠡ ᠬᠤᠯᠠᠵᠢᠨ᠎ᠠ᠃
ᠮᠤᠩᠭ᠋ᠤᠯ ᠭᠡᠷ ᠬᠠᠩᠬᠠᠢ᠌ᠷᠠᠨᠠ
ᠮᠤᠷᠢᠨ ᠤ ᠳᠤᠭᠤᠰᠤ ᠰᠢᠩᠭᠡᠷᠡᠨᠡ᠂
ᠮᠠᠰᠢᠨ ᠳᠠᠷᠢᠭᠢ ᠨᠤᠶᠠᠯᠠᠨᠠ
ᠮᠠᠨᠠᠨ ᠳᠤ ᠪᠦᠭᠦᠨ ᠪᠦᠳᠡᠭᠢᠷᠡᠨ᠎ᠡ᠁
ᠶᠠᠰᠤᠨ ᠳ᠋ᠤᠨᠢ ᠪᠠᠢ᠌ᠨᠠᠤ ᠴᠢᠰᠤᠨ ᠳ᠋ᠤᠨᠢ ᠪᠠᠢ᠌ᠨᠠᠤ
ᠶᠠᠭ ᠳᠠᠭᠠᠵᠤ ᠣᠯᠵᠤ ᠴᠢᠳᠠᠭᠰᠠᠨ ᠦᠭᠡᠶ
ᠶᠠᠮᠠᠷ ᠴᠠᠭ ᠲᠤ ᠡᠪᠡᠳᠴᠢᠨ ᠨᠢ ᠡᠳᠡᠭᠡᠳᠡᠭ᠌ ᠢ ᠨᠢ
ᠶᠠᠩᠨᠠᠯ ᠦᠭᠡᠶ ᠭᠡᠯᠡᠪᠠᠯ ᠡᠳᠡᠭᠡᠳᠡᠭ᠌ ᠴᠤ ᠦᠭᠡᠶ ᠪᠣᠯᠤᠯᠳᠠᠢ︕
ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2982
ᠴᠠᠭ᠄ 2009 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ