☆ ᠳ᠋·ᠲᠦᠮᠡᠠᠰᠠᠩ
ᠬᠤᠭᠤᠷ
ᠡᠪᠦᠭᠡ ᠡᠴᠡ ᠬᠣᠢ᠌ᠰᠢ ᠬᠠᠢ᠌ᠷᠠᠳᠠᠢ ᠬᠤᠭᠤᠷ ᠨᠢ
ᠡᠯᠭᠦᠭᠡᠰᠦᠳᠡᠢ ᠭᠡᠪ ᠶᠢᠡᠷ
ᠳᠠᠩᠴᠢ ᠣᠳᠠᠯ᠎ᠠ
ᠬᠤᠭᠤᠷᠳᠠᠬᠤ ᠶᠢ ᠪᠠᠢ᠌ᠳᠤᠭᠠᠢ
ᠬᠠᠭᠤᠴᠢᠨ ᠡᠳ᠋ ᠳ᠋ᠠ ᠭᠡᠵᠤ
ᠳᠤᠭᠤᠰᠤ ᠶᠢ ᠨᠢ ᠴᠤ ᠭᠦᠪᠢᠭᠦ
ᠳᠤᠮᠤᠭ᠎ᠠ ᠦᠭᠡᠶ ᠶᠠᠪᠣᠭᠰᠠᠨ ᠡ ᠪᠢ
ᠳᠤᠯᠤᠭᠠᠢ ᠳᠤ ᠪᠠᠨ ᠶᠠᠭᠤ ᠪᠢᠰᠢᠯᠭᠠᠪᠠ
ᠳᠤᠭᠠᠯᠠᠬᠤ ᠴᠠᠭᠠᠨ ᠮᠥᠩᠭᠦ ᠦᠦ ᠭᠡᠵᠤ
ᠪᠣᠷᠭᠠᠰᠤᠨ ᠳᠠᠰᠢᠭᠤᠷ ᠪᠠᠷᠢᠨ ᠢᠷᠠᠵᠤ
ᠪᠣᠭᠤᠷᠤᠯ ᠡᠪᠦᠭᠡ ᠮᠢᠨᠢ ᠵᠠᠩᠳᠤᠷᠬᠤ ᠮᠠᠳᠤ ᠡ
ᠬᠤᠭᠤᠷᠳᠠᠵᠤ ᠰᠠᠭᠤᠳᠠᠭ
ᠳᠦᠷᠢ ᠨᠢ ᠬᠠᠷᠠᠭᠳᠠᠬᠤ ᠪᠠᠷ
ᠬᠤᠷᠤᠭᠤ ᠨᠢ ᠳᠤᠬᠤᠨ ᠳᠡᠭᠡᠷ᠎ᠡ
ᠨᠢᠰᠠᠯᠬᠤ ᠰᠢᠭ ᠡ
ᠪᠠᠢ᠌ᠭᠤᠯᠬᠤ ᠦᠭᠡᠶ ᠬᠠᠮᠠᠭᠠᠯᠠᠬᠤ ᠦᠭᠡᠶ ᠪᠠᠢ᠌ᠵᠤ
ᠪᠠᠶᠠᠨ ᠳᠤᠩᠭ᠋ᠠᠯᠠᠭ ᠨᠤᠳᠤᠭ ᠶᠢᠡᠨ
ᠳᠠᠯᠭᠢᠵᠤ ᠳᠠᠭᠤᠰᠬᠤ ᠨᠢ ᠦᠦ ᠭᠡᠭᠦ ᠮᠠᠳᠤ ᠡ
ᠳᠡᠭᠡᠳᠦᠯᠡᠭᠦ ᠦᠭᠡᠶ ᠬᠠᠢ᠌ᠷᠠᠯᠠᠬᠤ ᠦᠭᠡᠶ ᠪᠠᠢ᠌ᠵᠤ
ᠳᠡᠯᠭᠡᠷ ᠮᠤᠩᠭ᠋ᠤᠯ ᠰᠤᠶᠤᠯ ᠶᠢᠡᠨ
ᠮᠠᠷᠳᠠᠵᠤ ᠣᠷᠭᠢᠬᠤ ᠨᠢ ᠦᠦ ᠭᠡᠭᠦ ᠰᠢᠭ᠌ ᠡ
ᠬᠠᠩᠭᠢᠨᠠᠳᠠᠭ᠂ ᠭᠦᠩᠭᠢᠨᠡᠳᠡᠭ᠌ ᠬᠤᠭᠤᠷ ᠤᠨ ᠭᠢᠨᠢ
ᠭᠢᠯᠭᠠᠰᠤᠨ ᠣᠳᠠᠰᠤ
ᠬᠠᠯᠢᠭᠰᠠᠨ ᠨᠢᠭᠡ ᠪᠣᠭᠤᠷᠤᠯ ᠠᠭᠤᠯᠠ ᠶᠢᠨ
ᠳᠠᠰᠤᠷᠠᠰᠢ ᠦᠭᠡᠶ
ᠠᠮᠢᠰᠬᠤᠭ᠎ᠠ ᠶᠤᠮ ᠪᠠᠢ᠌ᠯ᠎ᠠ
ᠳᠠᠯ᠎ᠠ ᠰᠢᠭ ᠠᠭᠤᠵᠢᠮ
ᠡᠨᠡ ᠠᠮᠢᠰᠬᠤᠯ ᠢ ᠳᠠᠨᠢ
ᠵᠠᠯᠭᠠᠨ ᠠᠪᠴᠤ
ᠳᠠᠳᠠᠭᠠᠯᠵᠠᠯ ᠦᠭᠡᠶ ᠪᠠᠷ ᠪᠢ
ᠢᠷᠠᠭᠤ ᠨᠠᠢ᠌ᠷᠠᠭ ᠤᠨ ᠬᠤᠭᠤᠷ ᠢ
ᠰᠤᠩᠭ᠋ᠤᠯᠠ ᠰᠢᠤ
ᠡᠪᠦᠭᠡ ᠮᠢᠨᠢ ᠡ
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2009 ᠤᠨ ᠤ 02 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ