ᠨᠡᠪᠲᠡᠷᠡᠨ ᠤᠷᠤᠬᠤ
ᠮᠤᠩᠭ᠋ᠤᠯ ᠭᠡᠷ

ᠳᠡᠩᠭᠡᠯᠢᠭ᠍ᠳᠤ ᠬᠤᠷᠸ᠎ᠠ ᠳᠤ ᠡᠩᠭᠡᠵᠢᠨ ᠪᠣᠰᠤᠭᠰᠠᠨ ᠴᠠᠭᠠᠨ ᠥᠰᠦᠭ᠌

ᠳᠡᠰᠭᠡᠯ ᠠᠯᠳᠠᠨ ᠪᠠᠷᠠᠭᠠᠨ ᠰᠦᠨᠢ ᠶᠢ ᠳᠡᠢ᠌ᠯᠦᠭ᠍ᠰᠡᠨ ᠳᠡᠭ᠍ᠷᠢᠯᠢᠭ᠌ ᠭᠠᠷ

ᠳᠡᠷᠳᠡᠭᠡ ᠬᠤᠯᠠ ᠶᠢ ᠰᠡᠳᠭᠢᠯ ᠳᠤ ᠪᠠᠨ ᠡᠪᠭᠡᠭ᠍ᠰᠡᠨ ᠨᠠᠷᠠᠨ ᠤ ᠡᠭᠡᠯᠢ

ᠳᠡᠷᠭᠡᠯ ᠰᠥᠰᠦᠭ᠌ ᠶᠢᠡᠨ ᠳᠠᠯ᠎ᠠ ᠳ᠋ᠤ ᠪᠠᠨ ᠮᠥᠩᠭᠡᠯᠡᠭ᠍ᠰᠡᠨ ᠭᠠᠯ ᠤᠨ ᠰᠠᠭᠢᠶ᠎ᠠ


ᠮᠠᠯ ᠤᠨ ᠭᠦᠯ ᠶᠢᠡᠨ ᠭᠠᠳᠠᠭ᠎ᠠ ᠪᠠᠨ ᠪᠠᠢ᠌ᠯᠭᠠᠭᠰᠠᠨ ᠭᠦᠮᠤᠨ ᠤ ᠵᠢᠪᠬᠤᠭ᠎ᠠ

ᠮᠠᠯᠴᠢᠨ ᠤ ᠦᠷᠠᠰ ᠶᠢᠡᠨ ᠳᠡᠯᠡᠭᠡᠢ ᠪᠠᠭᠳᠠᠭᠠᠭᠰᠠᠨ ᠳᠠᠯ᠎ᠠ ᠶᠢᠨ ᠭᠡᠢ᠌ᠮᠦᠷᠢ

ᠠᠭᠤᠯᠠᠨ ᠤ ᠰᠦᠷ ᠲᠡᠶ ᠣᠰᠤᠨ ᠤ ᠨᠥᠮᠵᠦᠭ᠌ ᠲᠡᠶ ᠪᠣᠳᠤᠯ ᠤᠨ ᠣᠷᠤᠰᠬᠠᠯ

ᠠᠭᠤᠤ ᠶᠡᠭᠡ ᠪᠠᠷ ᠶᠢᠡᠨ ᠳᠡᠭ᠍ᠷᠢ ᠱᠠᠳᠤᠯᠠᠭᠰᠠᠨ ᠠᠷᠠᠤᠨ ᠤᠨ ᠣᠬᠠᠭ᠎ᠠ


ᠴᠢᠯᠠᠭᠤᠨ ᠣᠪᠣᠭ᠎ᠠ ᠲᠡᠶ ᠪᠠᠨ ᠵᠠᠮ ᠶᠢᠡᠨ ᠬᠤᠯᠪᠤᠭᠰᠠᠨ ᠪᠢᠯᠢᠭ᠌ ᠤᠨ ᠨᠢᠳᠤ

ᠴᠠᠭᠠᠨ ᠣᠳᠤᠨ ᠲᠡᠶ ᠪᠠᠨ ᠡᠶ᠎ᠡ ᠠᠶ᠎ᠠ ᠪᠠᠨ ᠵᠠᠭᠠᠭᠯᠠᠭᠰᠠᠨ ᠭᠠᠵᠠᠷ ᠤᠨ ᠴᠡᠴᠡᠭ᠌

ᠴᠠᠭᠠᠨ ᠡᠭᠦᠯᠡᠰ ᠲᠡᠶ ᠪᠠᠨ ᠳᠠᠯ᠎ᠠ ᠳᠠᠯ᠎ᠠ ᠪᠠᠨ ᠮᠡᠳᠡᠯᠴᠡᠭ᠍ᠰᠡᠨ ᠳᠡᠭ᠍ᠷᠢ ᠶᠢᠨ ᠵᠠᠶᠠᠭ᠎ᠠ

ᠴᠠᠭᠠᠨ ᠰᠦ᠋ ᠲᠡᠶ ᠪᠠᠨ ᠳᠡᠯᠡᠭᠡᠢ ᠨᠠᠮᠢᠷᠠᠭᠰᠠᠨ ᠣᠠᠳᠤᠷᠤᠯ ᠤᠨ ᠳᠤᠭ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2891
ᠴᠠᠭ᠄ 2012 ᠤᠨ ᠤ 03 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ