ᠨᠡᠪᠲᠡᠷᠡᠨ ᠤᠷᠤᠬᠤ
ᠡᠪᠦᠯ ᠤᠨ ᠥᠷᠤᠰᠢᠶᠠᠯ

ᠥᠩᠭᠡᠷᠡᠨ ᠤᠳᠬᠤ ᠳᠠᠰᠭᠢᠮ᠎ᠠ ᠡᠪᠦᠯ

ᠦᠷᠭᠡᠨ ᠳᠠᠮᠠᠴᠢ ᠳᠤ ᠦᠷᠤᠰᠢᠶᠠᠯ ᠬᠠᠢ᠌ᠷᠠᠯᠠᠯ᠎ᠠ

ᠥᠩᠭᠡᠷᠡᠤ ᠵᠤᠳᠯᠠᠭᠰᠠᠨ ᠦᠭᠡᠶ ᠭᠡᠮᠡᠨ

ᠦᠯᠠᠮᠵᠢ ᠪᠠᠶᠠᠰᠤᠯ ᠶᠢᠡᠷ ᠦᠳᠡᠨ ᠮᠤᠷᠳᠠᠭᠤᠯᠤᠯ᠎ᠠ


ᠣᠰᠤᠨ ᠯᠤᠤ ᠵᠢᠯ ᠤᠨ ᠴᠠᠰᠤᠨ ᠡᠪᠦᠯ

ᠥᠩᠰᠢᠭ᠌ ᠬᠠᠪᠣᠷ ᠢ ᠡᠷᠳᠡ ᠠᠪᠴᠢᠷᠠᠯ᠎ᠠ

ᠲᠦᠯᠵᠢᠭᠦ ᠬᠠᠪᠣᠷ ᠤᠨ ᠢᠷᠠᠭᠤ ᠪᠠᠯᠭᠡᠳᠡᠯ

ᠳᠡᠭ᠍ᠵᠢᠷᠡᠭᠦ ᠨᠤᠳᠤᠭ ᠲᠤ ᠡᠭ᠍ᠡᠰᠢᠭᠯᠡᠨ ᠴᠤᠤᠷᠢᠶᠠᠯᠠᠯ᠎ᠠ

ᠳᠠᠪᠬᠤᠷ ᠳᠠᠪᠬᠤᠷ ᠴᠠᠭᠠᠨ ᠬᠤᠴᠢᠯᠭ᠎ᠠ ᠵᠢ

ᠳᠠᠩ ᠳᠠᠩ ᠶᠢᠡᠷ ᠠᠭᠤᠰᠬᠠᠨ ᠰᠢᠮᠡᠳᠭᠡᠯ᠎ᠡ

ᠳᠠᠩᠳᠠᠨ ᠰᠢᠨᠠᠯᠤᠨ ᠵᠤᠪᠠᠨᠢᠳᠠᠭ ᠮᠢᠨᠤ ᠪᠣᠳᠤᠯ

ᠳᠠᠵᠢ ᠦᠭᠡᠶ ᠪᠣᠯᠤᠷᠤᠨ ᠴᠢᠮ᠎ᠠ ᠳᠤ ᠳᠠᠯᠠᠷᠬᠠᠯ᠎ᠠ


ᠬᠠᠢ᠌ᠯ ᠤᠨ ᠣᠰᠤᠨ ᠬᠠᠭᠳᠠ ᠪᠠᠨ ᠣᠮᠳᠠᠯᠠᠨ

ᠭᠡᠢ᠌ᠰᠭᠦ ᠳᠤᠭᠤᠰᠤᠨ ᠢ ᠨᠤᠮᠤᠬᠠᠳᠬᠠᠬᠤ ᠪᠣᠯᠤᠯ᠎ᠠ

ᠬᠤᠷᠠᠭ᠎ᠠ ᠢᠰᠢᠭᠡ ᠢᠭᠢᠷᠡᠯᠠᠨ ᠲᠦᠯᠯᠡᠭᠡᠳ

ᠭᠤᠪᠢ ᠶᠢᠨ ᠮᠠᠯᠴᠢᠳ ᠶᠠᠭᠠᠷᠠᠯᠳᠠᠢ ᠬᠠᠪᠣᠷᠵᠢᠯ᠎ᠠ


ᠥᠩᠭᠡᠷᠡᠨ ᠤᠳᠬᠤ ᠳᠠᠰᠭᠢᠮ᠎ᠠ ᠡᠪᠦᠯ

ᠦᠷᠭᠡᠨ ᠳᠠᠮᠠᠴᠢ ᠳᠤ ᠦᠷᠤᠰᠢᠶᠠᠯ ᠬᠠᠢ᠌ᠷᠠᠯᠠᠯ᠎ᠠ

ᠥᠩᠭᠡᠷᠡᠤ ᠵᠤᠳᠯᠠᠭᠰᠠᠨ ᠦᠭᠡᠶ ᠭᠡᠮᠡᠨ

ᠦᠯᠠᠮᠵᠢ ᠪᠠᠶᠠᠰᠤᠯ ᠶᠢᠡᠷ ᠦᠳᠡᠨ ᠮᠤᠷᠳᠠᠭᠤᠯᠤᠯ᠎ᠠ


2013 ᠣᠨ ᠤ 3 ᠰᠠᠷ᠎ᠠ ᠶᠢᠨ 1 ᠊ᠤ ᠡᠳᠦᠷ


ᠵᠤᠬᠢᠶᠠᠭᠴᠢ ᠶᠢᠨ ᠬᠠ‍‌ᠶᠢᠭ ᠄ ᠰᠦᠨᠢᠳ ᠵᠡᠭᠦᠨ ᠬᠤᠰᠢᠭᠤ

ᠵᠤᠬᠢᠶᠠᠭᠴᠢ᠄ ᠬᠠ᠊·ᠯᠢᠩᠬᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12812
ᠴᠠᠭ᠄ 2013 ᠤᠨ ᠤ 03 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ