ᠨᠡᠪᠲᠡᠷᠡᠨ ᠤᠷᠤᠬᠤ
ᠵᠠᠯᠠᠭᠤ ᠨᠠᠰᠤᠨ ᠤ ᠵᠡᠭᠦᠳᠤ

ᠵᠠᠯᠠᠭᠤ ᠨᠠᠰᠤᠨ ᠤ ᠵᠡᠭᠦᠳᠤ

ᠵᠠᠷᠢᠮ ᠳᠠᠭᠠᠨ

ᠵᠠᠮᠠᠭ ᠲᠤ ᠣᠷᠢᠶᠠᠭᠳᠠᠭᠰᠠᠨ ᠣᠰᠤᠴᠢᠨ ᠰᠢᠭ

ᠵᠠᠭᠤᠷᠮᠠᠭ ᠨᠠᠰᠤᠯᠠᠬᠤ ᠴᠤ ᠮᠠᠭᠠᠤᠨ᠂

ᠭᠡᠳᠡᠯ᠎ᠡ

ᠵᠠᠭᠤᠷᠮᠠᠭ ᠨᠠᠰᠤᠯᠠᠮ᠎ᠠ ᠵᠡᠭᠦᠳᠤᠨ ᠳᠤ

ᠵᠠᠭᠤᠨ ᠤ ᠳᠠᠪᠢ ᠶᠢᠨ ᠡᠷᠡᠮᠡᠯᠵᠡᠯ ᠪᠠᠢ᠌ᠳᠠᠭ ᠪᠣᠯ

ᠵᠠᠯᠭᠠᠵᠤ ᠳᠡᠮᠡᠴᠡᠭᠦ ᠪᠠᠨ ᠶᠠᠭᠠᠭᠢᠯ᠎ᠠ ︕

ᠠᠠᠳᠠ ᠮᠢᠨᠢ ︕

ᠬᠠᠢ᠌ᠷᠠᠬᠠᠨ ᠨᠠᠰᠤᠨ ᠤ ᠵᠡᠭᠦᠳᠤ

ᠬᠠᠶᠠ ᠳᠠᠭᠠᠨ

ᠬᠠᠯᠠᠭᠤᠨ ᠨᠠᠷᠠᠨ ᠳᠤ ᠨᠠᠷᠠᠰᠢᠭᠰᠠᠨ ᠠᠶᠠᠠᠴᠢᠨ ᠰᠢᠭ

ᠬᠠᠷᠠᠩᠭ᠋ᠤᠰᠤᠨ ᠣᠨᠠᠬᠤ ᠮᠠᠭᠠᠤᠨ᠂

ᠬᠠᠷᠢᠨ ᠳᠠ

ᠬᠠᠷᠠᠩᠭ᠋ᠤᠰᠤᠨ ᠣᠨᠠᠭᠰᠠᠨ ᠵᠡᠭᠦᠳᠤᠨ ᠡᠴᠡ ᠪᠠᠨ

ᠬᠠᠯᠳᠤᠬᠠᠨ ᠰᠡᠷᠢᠭᠦ ᠪᠣᠯᠤᠯᠴᠠᠭ᠎ᠠ ᠪᠠᠢ᠌ᠳᠠᠭ ᠪᠣᠯ

ᠬᠠᠯᠠᠰᠢᠷᠠᠯ ᠦᠭᠡᠶ ᠵᠢᠦᠡᠭᠦᠭᠦ ᠪᠠᠨ ᠭᠡᠷᠭᠢᠯ᠎ᠡ ︕

ᠨᠠᠢ᠌ᠵᠠ ᠮᠢᠨᠢ ︕

ᠣᠩᠭ᠋ᠤᠨ ᠵᠠᠯᠠᠭᠤ ᠨᠠᠰᠤᠨ ᠤ

ᠣᠯᠠᠨ ᠣᠠᠯᠠ ᠵᠡᠭᠦᠳᠤ ᠊᠊᠊᠊᠊᠊᠊᠊᠊᠊᠊᠊᠊᠊᠊ ᠭᠦᠰᠡᠯ

ᠣᠬᠠᠭᠠᠷᠠᠬᠤ ᠰᠠᠷᠠᠯ ᠤᠨ ᠰᠤᠭᠤᠨᠠᠭ ᠰᠤᠪᠣᠷᠠᠭᠤᠯᠤᠨ

ᠣᠴᠠᠷᠠᠯ ᠳᠤ ᠳᠦᠰᠢᠭᠦ ᠦᠭᠡᠶ ᠦᠨᠳᠠᠢ᠌ᠵᠤ ᠪᠣᠰᠤᠨ᠎ᠠ᠂

ᠣᠷᠢ ᠬᠠᠩᠭ᠋ᠠᠯ ᠵᠤᠷᠢᠭ ᠡᠪᠦᠷᠯᠡᠨ

ᠣᠶᠠᠭᠠᠨ ᠳᠤ ᠪᠠᠷᠢᠭᠳᠠᠬᠤ ᠦᠭᠡᠶ ᠦᠣᠷᠰᠠᠵᠤ ᠴᠤᠪᠬᠤᠴᠠᠨ᠎ᠠ

ᠣᠴᠢ ᠪᠠᠳᠠᠷᠠᠭᠰᠠᠨ ᠴᠤᠭ ᠵᠤᠯᠢ ᠪᠠᠷ

ᠣᠷᠮᠠᠰᠢᠯ ᠳᠤ ᠮᠠᠩᠰᠢᠭᠤᠷᠠᠯ ᠦᠭᠡᠶ ᠳᠠᠭᠠᠷᠢᠵᠤ ᠳᠠᠪᠭᠢᠨ᠎ᠠ ︕

ᠵᠡᠭᠦᠳᠤ ᠣᠯᠠᠨ ᠲᠡᠶ ᠵᠠᠯᠠᠭᠤ ᠨᠠᠰᠤᠨ ᠳᠠᠭᠠᠨ

ᠵᠢᠦᠡᠭᠦᠯ ᠶᠢᠡᠷ ᠮᠥᠩᠭᠡᠷᠡᠭᠦ ᠵᠡᠭᠦᠳᠤ ᠮᠠᠨᠠᠨ

ᠵᠢᠷᠦᠭᠡ ᠪᠠᠷ ᠶᠢᠡᠨ ᠣᠨᠠᠭᠰᠠᠨ ᠡᠭᠡ ᠣᠷᠤᠨ ᠳᠠᠭᠠᠨ

ᠵᠢᠩᠭᠢᠨᠢ ᠬᠠᠢ᠌ᠷ᠎ᠠ ᠲᠡᠶ ᠪᠠᠨ ᠪᠦᠳᠦᠭᠡᠯ ᠶᠢᠡᠨ ᠡᠷᠭᠦᠶ᠎ᠡ᠃

ᠭᠦᠰᠡᠯ ᠶᠡᠭᠡᠳᠡᠢ ᠵᠠᠯᠠᠭᠤ ᠨᠠᠰᠤᠨ ᠳᠠᠭᠠᠨ

ᠭᠦᠮᠦᠵᠢᠯ ᠶᠢᠡᠷ ᠰᠢᠯᠢᠳᠡᠭ᠍ᠵᠢᠭᠦ ᠭᠦᠰᠡᠯ ᠡᠪᠦᠷᠯᠡᠨ

ᠭᠦᠮᠤᠨ ᠡᠴᠡ ᠬᠠᠷᠠᠮᠨᠠᠳᠠᠭ ᠬᠠᠢ᠌ᠷᠠᠬᠠᠨ ᠣᠷᠤᠨ ᠳᠠᠭᠠᠨ

ᠭᠦᠯᠦᠰᠤ ᠴᠢᠰᠤ ᠪᠠᠷ ᠶᠢᠡᠨ ᠠᠮᠵᠢᠯᠳᠠ ᠪᠠᠨ ᠳᠡᠪᠰᠢᠭᠦᠯᠦᠶ᠎ᠡ ︕


ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2010 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ