ᠨᠡᠪᠲᠡᠷᠡᠨ ᠤᠷᠤᠬᠤ
ᠮᠤᠩᠭ᠋ᠤᠯᠴᠤᠳ ᠤᠨ ᠭᠦᠡᠳᠦᠯᠡᠭᠦ ᠶᠤᠰᠤ ᠵᠠᠩᠰᠢᠯ ᠡᠴᠡ

1᠂ ᠮᠠᠨ ᠤ ᠮᠤᠩᠭ᠋ᠤᠯᠴᠤᠳ ᠳᠦᠷᠪᠡᠨ ᠣᠯᠠᠷᠢᠯ ᠤᠨ ᠣᠠᠴᠠᠯᠢᠭ ᠦᠶ᠎ᠡ ᠶᠢ ᠳᠡᠮᠳᠡᠭᠯᠡᠨ ᠥᠩᠭᠡᠷᠡᠭᠦᠯᠭᠦ ᠶᠤᠰᠤ ᠪᠠᠢ᠌ᠳᠠᠭ᠃ ᠳᠤᠳᠤᠷᠠᠭᠤᠯᠪᠠᠯ ᠬᠠᠪᠣᠷ ᠤᠨ ᠠᠩᠬᠠᠨ ᠤ ᠲᠦᠯ ᠢ ᠮᠢᠯᠢᠶᠠᠬᠤ᠂ ᠳᠠᠷᠬᠠᠯᠠᠬᠤ᠂ ᠬᠤᠴᠠ ᠣᠬᠤᠨ᠎ᠠ ᠳᠠᠯᠪᠢᠬᠤ᠂ ᠣᠰᠤᠨ ᠤ ᠰᠢᠪᠠᠭᠤ ᠢᠷᠡᠭᠦ᠂ ᠴᠠᠰᠤ ᠬᠠᠢ᠌ᠯᠬᠤ ᠦᠶ᠎ᠡ ᠶᠢ ᠶᠤᠰᠤᠯᠠᠳᠠᠭ ᠪᠣᠯ (ᠬᠠᠪᠣᠷ ᠨᠠᠢ᠌ᠷ ᠭᠢᠳᠡᠭ᠌ ᠥᠭᠡᠢ) ᠵᠤᠨ ᠳᠤ ᠭᠡᠭᠦᠤ ᠪᠠᠷᠢᠬᠤ᠂ ᠵᠤᠰᠠᠯᠠᠩ ᠳᠤ ᠭᠠᠷᠬᠤ᠂ ᠰᠢᠷ᠎ᠠ ᠴᠡᠴᠡᠭ᠌ ᠤᠨ ᠶᠤᠰᠤᠯᠠᠯ (ᠢᠷᠭᠤᠢ ᠳᠡᠯᠭᠡᠷᠡᠵᠤ ᠭᠦᠢᠴᠡᠭ᠍ᠰᠡᠨ ᠤ ᠳᠠᠷᠠᠭᠠᠭᠢ ᠶᠤᠰᠤᠯᠠᠯ)᠂ ᠠᠩᠬᠠᠨ ᠤ ᠪᠣᠷᠤᠭᠠᠨ ᠤ ᠨᠠᠢ᠌ᠷ ᠭᠢᠳᠡᠭ᠌ ᠣᠯᠠᠮᠵᠢᠯᠠᠯ ᠲᠡᠶ ᠪᠠᠢ᠌ᠬᠤ ᠳᠤ᠂ ᠨᠠᠮᠤᠷ ᠲᠤ ᠢᠰᠡᠭᠡᠢ ᠭᠢᠭᠦ᠂ ᠭᠡᠷ ᠪᠦᠷᠢᠭᠦ᠂ ᠠᠩᠬᠠᠨ ᠤ ᠴᠠᠰᠤ ᠣᠷᠤᠬᠤ ᠦᠶ᠎ᠡ ᠳᠤ ᠨᠠᠢ᠌ᠷ ᠭᠢᠳᠡᠭ᠌ ᠪᠠᠢ᠌ᠵᠠᠢ᠃ ᠬᠠᠷᠢᠨ ᠠᠩᠬᠠᠨ ᠤ ᠴᠠᠰᠤ ᠣᠷᠤᠭᠰᠠᠨ ᠤ ᠨᠠᠢ᠌ᠷ᠂ ᠰᠢᠷ᠎ᠠ ᠴᠡᠴᠡᠭ᠌ ᠤᠨ ᠨᠠᠢ᠌ᠷ ᠵᠡᠷᠭᠡ ᠨᠢ ᠬᠠᠰᠠᠭ ᠤᠨ ᠭᠦᠭᠡ ᠢᠰᠢᠭᠡ ᠳᠠᠳᠠᠨᠠᠤ ᠵᠡᠷᠭᠡ ᠨᠠᠭᠠᠳᠤᠮ ᠲᠡᠶ ᠵᠠᠷᠢᠮ ᠳᠠᠯ᠎ᠠ ᠪᠠᠷ ᠶᠢᠡᠨ ᠲᠦᠰᠳᠠᠢ᠃

2᠂ ᠰᠢᠨ᠎ᠠ ᠬᠤᠪᠴᠠᠰᠤ ᠡᠮᠦᠰᠦᠭ᠍ᠰᠡᠨ ᠪᠠᠭ᠎ᠠ ᠪᠠᠯᠴᠢᠷ ᠬᠡᠦᠬᠡᠳ ᠠᠢ᠌ᠯ ᠪᠠᠢ᠌ᠭ᠎ᠠ ᠠᠢ᠌ᠯ ᠳᠤ ᠪᠠᠨ ᠮᠢᠯᠢᠶᠠᠯᠭᠠᠬᠤ ᠪᠠᠷ ᠣᠴᠢᠳᠠᠭ ᠶᠤᠰᠤᠳᠠᠢ᠃ ᠡᠨᠡ ᠨᠢ ᠭᠠᠢ᠌ᠬᠠᠭᠤᠯᠵᠤ ᠪᠠᠢ᠌ᠭ᠎ᠠ ᠭᠡᠷᠡᠭ᠌ ᠣᠭᠳᠤ ᠪᠢᠰᠢ᠂ ᠬᠠᠷᠢᠨ ᠬᠤᠪᠴᠠᠰᠤ ᠨᠢ ᠵᠤᠭᠢᠭᠰᠠᠨ ᠳᠠᠭᠠᠷᠠᠭᠰᠠᠨ ᠭᠢᠭᠡᠳ ᠶᠠᠭᠠᠭᠢᠵᠤ ᠬᠤᠪᠴᠠᠰᠤᠯᠠᠬᠤ ᠳᠠᠯ᠎ᠠ ᠪᠠᠷ ᠵᠥᠪᠯᠡᠯᠭᠡ ᠠᠪᠬᠤ ᠲᠡᠶ ᠬᠤᠯᠪᠣᠭ᠎ᠠ ᠪᠦᠭᠦᠢ ᠣᠯᠠᠮᠵᠢᠯᠠᠯ ᠶᠤᠮ᠃ ᠡᠨᠡ ᠨᠢ ᠳᠤᠩ ᠭᠦᠭᠡᠷᠦᠭᠦᠨ ᠶᠤᠰᠤ᠃ ᠰᠢᠨ᠎ᠠ ᠬᠤᠪᠴᠠᠰᠤ ᠡᠮᠦᠰᠦᠭᠡᠳ ᠣᠷᠤᠵᠤ ᠢᠷᠡᠭ᠍ᠰᠡᠨ ᠬᠡᠦᠬᠡᠳ ᠤᠨ ᠬᠤᠪᠴᠠᠰᠤ ᠶᠢ ᠵᠠᠰᠠᠵᠤ ᠦᠭ‍ᠭᠦᠭᠡᠳ ᠄

ᠣᠷᠳᠤ ᠨᠠᠰᠤᠳᠠᠢ

ᠣᠳᠠᠭᠠᠨ ᠵᠢᠷᠭᠠᠯᠳᠠᠢ

ᠣᠷᠳᠤ ᠬᠤᠷᠮᠤᠢ ᠶᠢ ᠴᠢᠨᠢ

ᠣᠨᠠᠭ᠎ᠠ ᠳᠠᠭ᠎ᠠ ᠭᠢᠰᠭᠢᠭ᠌

ᠬᠣᠢ᠌ᠳᠤ ᠬᠤᠷᠮᠤᠢ ᠶᠢ ᠴᠢᠨᠢ

ᠬᠤᠷᠠᠭ᠎ᠠ ᠳᠠᠭ᠎ᠠ ᠭᠢᠰᠭᠢᠭ᠌

ᠡᠵᠡᠨ ᠨᠢ ᠮᠥᠩᠭᠡ

ᠡᠳ᠋ ᠨᠢ ᠭᠡᠪᠠᠷᠡᠭ᠌

ᠡᠨᠡ ᠵᠢᠯ ᠳᠠᠯᠢᠩᠪᠣᠤ

ᠢᠷᠡᠭᠦ ᠵᠢᠯ ᠴᠢᠰᠴᠠᠤ ᠳᠤᠷᠭ᠎ᠠ ᠡᠮᠦᠰᠦᠭᠡᠷᠡᠢ ︕

ᠲ᠋ᠤᠭᠤᠨᠤ ᠪᠠᠷ ᠭᠠᠷᠤᠭᠰᠠᠨ

ᠲ᠋ᠤᠮᠤ ᠡᠷ᠎ᠡ ᠪᠣᠯᠤᠭᠠᠷᠠᠢ ︕

ᠭᠡᠭᠦ ᠮᠠᠳᠤ ᠪᠠᠯᠭᠡ ᠲᠡᠶ ᠥᠭᠡ ᠪᠠᠷ ᠢᠷᠦᠭᠡᠳᠡᠭ᠌ ᠨᠢ ᠰᠡᠳᠭᠢᠯ ᠰᠤᠳᠤᠯᠤᠯ ᠤᠨ ᠶᠡᠭᠡ ᠣᠴᠢᠷ ᠣᠤᠠᠬ᠎ᠠ ᠲᠡᠶ ᠶᠤᠮ᠃

3᠂ ᠰᠢᠨ᠎ᠠ ᠡᠮᠡᠭᠡᠯ ᠮᠤᠷᠢᠨ ᠳᠤ ᠠᠩᠬ᠎ᠠ ᠣᠳᠠᠭ᠎ᠠ ᠳᠤᠬᠤᠬᠤ ᠳᠤ ᠡᠭᠢᠯᠡᠵᠤ ᠬᠡᠦᠬᠡᠳ ᠤᠨ ᠡᠴᠢᠭᠡ ᠨᠢ ᠮᠤᠷᠳᠠᠳᠠᠭ ᠶᠤᠰᠤ ᠲᠡᠶ ᠶᠢᠨ ᠳᠡᠭᠡᠷ᠎ᠡ ᠄

ᠬᠤᠩᠬᠤᠷ ᠳᠦᠭᠦᠷᠡᠩ ᠮᠤᠷᠢ ᠲᠡᠶ

ᠬᠤᠳᠠ ᠳᠦᠭᠦᠷᠡᠩ ᠮᠠᠯ ᠲᠡᠶ

ᠦᠷ᠎ᠡ ᠪᠠᠨ ᠳᠡᠭᠦᠷᠦᠭᠡᠳ

ᠦᠷᠢᠶ᠎ᠠ ᠪᠠᠨ ᠭᠦᠳᠦᠯᠦᠭᠡᠳ ᠶᠠᠪᠣᠭᠠᠷᠠᠢ ︕

ᠭᠡᠵᠤ ᠭᠡᠯᠡᠳᠡᠭ᠌ ᠶᠤᠰᠤ ᠲᠡᠶ᠃

4᠂ ᠠᠯᠢᠪᠠ ᠵᠣᠢ᠌ᠯ ᠢ ᠥᠵᠡᠭᠦ᠂ ᠭᠡᠷ ᠪᠦᠰᠡᠯᠡᠭᠦ᠂ ᠬᠠᠨ᠎ᠠ ᠳᠤᠭᠤᠷᠭ᠎ᠠ ᠳᠤᠭᠤᠷᠢᠭᠤᠯᠬᠤ᠂ ᠳᠠᠪᠠᠯ ᠡᠮᠦᠰᠦᠭᠡᠳ ᠪᠦᠰᠡ ᠪᠦᠰᠡᠯᠡᠭᠦ  ᠵᠡᠷᠭᠡ ᠡᠷᠭᠢᠭᠦᠯᠵᠤ ᠳᠤᠭᠤᠷᠢᠭᠤᠯᠬᠤ ᠳᠤ ᠪᠠᠨ ᠵᠦᠪ (ᠪᠠᠷᠠᠭᠤᠨ)ᠲ᠋ᠠᠯ᠎ᠠ ᠡᠴᠡ ᠨᠢ ᠨᠠᠷᠠᠨ ᠵᠦᠪ ᠳᠤᠭᠤᠷᠢᠭᠤᠯᠳᠠᠭ᠃ ᠬᠠᠷᠢᠨ ᠳᠡᠭᠡᠪᠦᠷ ᠳᠠᠯᠪᠢᠬᠤ ᠳᠤ ᠪᠠᠨ  ᠡᠭᠢᠯᠡᠵᠤ ᠡᠮᠦᠨ᠎ᠡ ᠳᠡᠭᠡᠪᠦᠷ ᠢ ᠳᠠᠯᠪᠢᠭᠠᠤᠨ᠂ ᠳᠠᠷᠠᠭ᠎ᠠ ᠨᠢ ᠬᠣᠢ᠌ᠳᠤ ᠳᠡᠭᠡᠪᠦᠷ ᠢ ᠳᠠᠯᠪᠢᠵᠤ᠂ ᠡᠮᠦᠨ᠎ᠡ ᠳᠡᠭᠡᠪᠦᠷ ᠤᠨ ᠠᠮᠠ ᠶᠢ ᠳᠠᠷᠤᠳᠠᠭ (ᠳᠤᠭᠤᠷᠭ᠎ᠠ ᠶᠢᠨ ᠠᠮᠠ ᠳᠠᠷᠤᠬᠤ ᠪᠠᠢ᠌ᠳᠠᠯ ᠴᠤ ᠠᠳᠠᠯᠢ)᠃ ᠡᠨᠡ ᠨᠢ ᠰᠠᠯᠭᠢ ᠬᠠᠭᠠᠬᠤ ᠶᠠᠪᠣᠳᠠᠯ ᠲᠡᠶ ᠬᠤᠯᠪᠣᠭᠳᠠᠵᠤ ᠭᠠᠷᠤᠭᠰᠠᠨ ᠣᠯᠠᠮᠵᠢᠯᠠᠯ ᠶᠤᠮ᠃

ᠲ᠋ᠠᠯᠠᠷᠬᠠᠵᠤ ᠭᠡᠯᠡᠭᠦ ᠥᠭᠡ ᠄ ᠭᠡᠷ ᠪᠣᠰᠬᠠᠵᠤ ᠪᠠᠢ᠌ᠪᠠᠯ

ᠦᠷᠭᠦᠭᠡ ᠭᠡᠷ ᠳᠠᠨᠢ ᠲᠦᠪ ᠰᠠᠢ᠌ᠬᠠᠨ

ᠦᠨᠢᠷ ᠪᠦᠯᠢ ᠳᠠᠨᠢ ᠮᠥᠩᠭᠡ ᠰᠠᠢ᠌ᠬᠠᠨ ᠪᠣᠯᠳᠤᠭᠠᠢ ᠁

5. ᠭᠦᠮᠤᠨ ᠲᠡᠶ ᠶᠠᠷᠢᠬᠤ ᠶᠤᠰᠤ ᠶᠡᠭᠡ ᠨᠠᠷᠢᠨ ᠵᠢᠷᠤᠮ ᠲᠡᠶ ᠪᠠᠢ᠌ᠳᠠᠭ᠃ ᠶᠠᠮᠠᠷ ᠴᠤ ᠭᠦᠮᠤᠨ ᠲᠡᠶ ᠡᠷᠡᠭᠡ ᠴᠡᠭᠡᠷ ᠦᠭᠡᠶ ᠶᠠᠷᠢᠬᠤ᠂ ᠭᠡᠳᠦᠷᠡᠭᠦᠯᠵᠤ ᠬᠤᠳᠠᠯ ᠶᠠᠷᠢᠬᠤ᠂ ᠮᠠᠷᠵᠠᠩᠨᠠᠵᠤ ᠡᠪ ᠦᠭᠡᠶ ᠶᠠᠷᠢᠬᠤ᠂ ᠪᠦᠳᠦᠭᠦᠯᠢᠭ᠌ ᠶᠠᠷᠢᠬᠤ ᠶᠢ ᠴᠡᠭᠡᠷᠯᠡᠳᠡᠭ᠌᠃ ᠭᠦᠮᠤᠨ ᠲᠡᠶ ᠭᠡᠳᠤ ᠴᠢᠩᠭ᠋᠎ᠠ ᠶᠠᠷᠢᠬᠤ ᠦᠭᠡᠶ᠃ ᠳᠠᠢ᠌ᠮᠤ ᠡᠴᠡ ᠴᠤ 《ᠮᠠᠭᠤ ᠭᠦᠮᠤᠨ ᠤ ᠳᠠᠭᠤᠨ ᠶᠡᠭᠡ》 ᠭᠡᠭᠦ ᠰᠠᠴᠠᠨ ᠥᠭᠡ ᠭᠠᠷᠴᠠᠢ᠃ ᠭᠦᠮᠤᠨ ᠲᠡᠶ ᠠᠯᠢ ᠪᠣᠯᠬᠤ ᠪᠠᠷ ᠨᠠᠮᠤᠭᠤᠬᠠᠨ ᠳᠠᠢ᠌ᠪᠣᠩ᠂ ᠳᠡᠭᠡᠭᠦ ᠳᠤ ᠪᠠᠨ ᠰᠠᠢ᠌ᠨ ᠰᠤᠨᠤᠰᠤᠭᠳᠠᠬᠤ ᠪᠠᠷ ᠶᠠᠷᠢᠳᠠᠭ ᠶᠤᠰᠤ ᠲᠡᠶ᠃ ᠭᠡᠳᠤ ᠣᠳᠠᠭᠠᠨ᠂ ᠭᠡᠳᠤ ᠬᠤᠷᠳᠤᠨ᠂ ᠭᠡᠳᠤ ᠴᠢᠩᠭ᠋᠎ᠠ᠂ ᠭᠡᠳᠤ ᠨᠠᠮᠤᠭᠤᠨ ᠤ ᠠᠯᠢ ᠠᠯᠢ ᠨᠢ ᠵᠤᠭᠢᠮᠵᠢ ᠦᠭᠡᠶ᠃ ᠭᠡᠷᠪᠡ ᠶᠠᠷᠢᠵᠤ ᠪᠠᠢ᠌ᠬᠤ ᠳᠤ ᠭᠦᠮᠤᠨ ᠠᠭᠤᠷᠯᠠᠬᠤ᠂ ᠳᠤᠷ᠎ᠠ ᠥᠭᠡᠢ᠌ᠴᠡᠭᠦ ᠪᠠᠢ᠌ᠳᠠᠯ ᠭᠠᠷᠭᠠᠪᠠᠯ ᠠᠯᠢ ᠪᠣᠯᠬᠤ ᠪᠠᠷ ᠶᠠᠷᠢᠬᠤ ᠦᠭᠡᠶ᠂ ᠳᠠᠢ᠌ᠪᠣᠩ ᠪᠠᠢ᠌ᠵᠤ᠂ ᠶᠠᠷᠢᠯᠴᠠᠭᠴᠢ ᠭᠦᠮᠤᠨ ᠶᠢᠡᠨ ᠳᠠᠢ᠌ᠪᠣᠰᠢᠷᠠᠭᠰᠠᠨ ᠤ ᠳᠠᠷᠠᠭ᠎ᠠ ᠶᠠᠷᠢᠳᠠᠭ᠃

ᠭᠦᠮᠤᠨ ᠲᠡᠶ ᠶᠠᠷᠢᠬᠤ ᠳᠤ ᠪᠠᠨ ᠵᠠᠪᠠᠯ ᠡᠭᠢᠯᠡᠵᠤ ᠮᠡᠡᠳᠦᠯᠡᠭᠡᠳ 《ᠪᠢ ᠦᠪᠡᠷ ᠡᠴᠡ ᠴᠢᠨᠢ᠂ ᠳᠠᠨ ᠡᠴᠡ ᠨᠢᠭᠡ ᠶᠠᠭᠤᠮ᠎ᠠ ᠠᠰᠠᠭᠤᠶ᠎ᠠ᠂ ᠪᠢ ᠳᠠᠨ ᠲᠡᠶ ᠨᠢᠭᠡ ᠶᠠᠭᠤᠮ᠎ᠠ ᠶᠠᠷᠢᠬᠤ ᠭᠡᠰᠡᠨ ᠶᠤᠮ》 ᠭᠡᠭᠦ ᠮᠠᠳᠤ ᠪᠠᠷ ᠵᠦᠪᠰᠢᠶᠠᠷᠠᠯ ᠠᠪᠴᠤ ᠶᠠᠷᠢᠳᠠᠭ᠃ ᠳᠡᠭᠡᠭᠦ ᠳᠤ ᠪᠠᠨ ᠳᠤᠬᠠᠢ ᠶᠢᠨ ᠭᠦᠮᠤᠨ ᠤ ᠠᠵᠢᠯ᠂ ᠴᠠᠭ ᠢ ᠠᠯᠳᠠᠭᠳᠠᠭᠤᠯᠬᠤ ᠦᠭᠡᠶ ᠪᠠᠷ ᠳᠤᠪᠴᠢ ᠳᠤᠳᠤᠷᠬᠠᠢ᠂ ᠠᠯᠢ ᠪᠣᠯᠬᠤ ᠪᠠᠷ ᠬᠤᠷᠳᠤᠨ ᠰᠢᠭ ᠶᠠᠷᠢᠳᠠᠭ ᠶᠤᠰᠤ ᠲᠡᠶ᠃ ᠶᠠᠷᠢᠵᠤ ᠶᠠᠷᠢᠯᠴᠠᠬᠤ ᠦᠶ᠎ᠡ ᠳᠤ ᠪᠠᠨ ᠬᠤᠳᠠᠯ ᠢᠨᠢᠶᠡᠭᠦ᠂ ᠳᠤᠭᠤᠭᠢᠯᠠᠬᠤ ᠵᠡᠷᠭᠡ ᠡᠪ ᠦᠭᠡᠶ ᠪᠠᠢ᠌ᠳᠠᠯ ᠭᠠᠷᠭᠠᠳᠠᠭ ᠦᠭᠡᠶ᠃ ᠬᠤᠪ ᠶᠠᠷᠢᠬᠤ᠂ ᠬᠤᠳᠠᠯ ᠶᠠᠷᠢᠬᠤ ᠵᠡᠷᠭᠡ ᠪᠠᠷ ᠭᠡᠷᠡᠭ᠌ ᠦᠭᠡᠶ ᠵᠣᠢ᠌ᠯ ᠶᠠᠷᠢᠵᠤ᠂ ᠴᠠᠭ ᠳᠠᠮᠠᠢ ᠥᠩᠭᠡᠷᠡᠭᠡᠭᠦ ᠶᠤᠰᠤ ᠦᠭᠡᠶ᠃

ᠶᠠᠷᠢᠬᠤ ᠳᠤ ᠪᠠᠨ ᠬᠤᠷᠤᠭᠤ ᠪᠠᠨ ᠭᠦᠳᠡᠯᠭᠡᠭᠦ᠂ ᠬᠤᠷᠤᠭᠤ ᠪᠠᠷ ᠶᠢᠡᠨ ᠴᠢᠴᠢᠵᠤ᠂ ᠳᠤᠭᠢᠵᠤ ᠵᠠᠩᠭ᠋ᠠᠵᠤ ᠶᠠᠷᠢᠳᠠᠭ ᠦᠭᠡᠶ ᠶᠤᠰᠤ ᠲᠡᠶ᠃ ᠭᠦᠮᠤᠨ ᠢ ᠵᠢᠮᠡᠯᠡᠭ᠍ᠰᠡᠨ ᠴᠤ᠂ ᠯᠸᠺᠽᠢ ᠶᠠᠷᠢᠶ᠎ᠠ ᠭᠢᠭ᠍ᠰᠡᠨ ᠴᠤ᠂ ᠰᠠᠨᠠᠯ ᠰᠢᠭᠦᠮᠵᠢᠯᠡᠯ ᠳᠠᠯᠪᠢᠭᠰᠠᠨ ᠴᠤ᠂ ᠮᠠᠭᠳᠠᠭᠠᠯ ᠢᠷᠦᠭᠡᠯ ᠭᠡᠯᠡᠭ᠍ᠰᠡᠨ ᠴᠤ ᠵᠦᠪ ᠨᠠᠮᠪᠠᠭ᠎ᠠ ᠲᠡᠶ ᠪᠠᠢ᠌ᠵᠤ ᠡᠯᠳᠡᠪ ᠮᠠᠶ‍ᠢᠭ ᠥᠵᠡᠭᠦᠯᠭᠦ ᠦᠭᠡᠶ ᠪᠠᠷ ᠳᠤᠭᠳᠠᠭᠤᠨ ᠳᠠᠢ᠌ᠪᠣᠩ᠂ ᠪᠣᠯᠭᠤᠮᠵᠢᠳᠠᠢ᠂ ᠳᠤᠳᠤᠷᠬᠠᠢ᠂ ᠳᠤᠪᠴᠢ᠂ ᠪᠠᠷᠢᠮᠳᠠ ᠨᠤᠳᠠᠯᠠᠭ᠎ᠠ ᠲᠡᠶ᠂ ᠦᠨᠡᠮᠰᠢᠯ ᠲᠡᠶ᠂ ᠠᠶᠠᠳᠠᠭᠤ ᠵᠥᠭᠡᠯᠡ ᠶᠠᠷᠢᠳᠠᠭ ᠶᠤᠰᠤ ᠲᠡᠶ᠃

ᠶᠠᠮᠠᠷ ᠴᠤ ᠭᠦᠮᠤᠨ ᠢ ᠮᠠᠭᠤᠯᠠᠵᠤ ᠥᠭᠡᠷ᠎ᠡ ᠭᠦᠮᠤᠨ ᠳᠤ ᠶᠠᠷᠢᠬᠤ᠂ ᠡᠰᠡᠪᠠᠯ ᠭᠦᠮᠤᠨ ᠢ ᠭᠡᠳᠤ ᠱᠠᠯᠭᠠᠭᠠᠬᠤ᠂ ᠦᠪᠡᠷ ᠤᠨ ᠪᠣᠳᠤᠯ ᠶᠢᠡᠨ ᠳᠤᠯᠭᠠᠨ ᠭᠦᠯᠢᠶᠡᠯᠭᠡᠭᠦ ᠭᠡᠵᠤ ᠣᠷᠤᠯᠳᠤᠬᠤ᠂ ᠭᠦᠮᠤᠨ ᠤ ᠬᠤᠪᠢ ᠶᠢᠨ ᠪᠠᠢ᠌ᠳᠠᠯ ᠢ ᠭᠡᠳᠤ ᠰᠤᠨᠢᠷᠬᠠᠬᠤ᠂ ᠥᠵᠡᠭ᠍ᠰᠡᠨ ᠰᠤᠨᠤᠭᠰᠤᠭᠰᠠᠨ ᠪᠦᠭᠦᠨ ᠶᠢᠡᠨ ᠳᠠᠨᠢᠬᠤ᠂ ᠳᠠᠨᠢᠬᠤ ᠦᠭᠡᠶ ᠭᠦᠮᠤᠨ ᠳᠤ ᠶᠠᠷᠢᠬᠤ᠂ ᠭᠠᠳᠠᠭᠠᠳᠤ ᠥᠭᠡ ᠣᠯᠠᠨ ᠢ ᠣᠷᠤᠭᠤᠯᠵᠤ᠂ ᠭᠡᠯᠡ ᠭᠡᠯᠡ ᠶᠢ ᠬᠤᠯᠢᠵᠤ ᠶᠠᠷᠢᠬᠤ᠂ ᠡᠳᠡᠭᠡᠳ ᠥᠭᠡ ᠪᠠᠷ ᠶᠠᠷᠢᠬᠤ᠂ ᠣᠯᠠᠨ ᠤ ᠳᠤᠮᠳᠠ ᠴᠢᠭᠢᠨ ᠳᠤ ᠨᠢ ᠰᠢᠪᠠᠨᠠᠵᠤ ᠶᠠᠷᠢᠬᠤ ᠶᠤᠰᠤ ᠦᠭᠡᠶ᠃ ᠢᠯᠠᠩᠭ᠋ᠤᠶ᠎ᠠ ᠥᠢᠯᠡᠴᠢᠯᠡᠭᠡ ᠶᠢᠨ ᠭᠠᠵᠠᠷ ᠳᠠᠨᠢᠯ ᠲᠡᠶ ᠪᠠᠨ ᠶᠠᠷᠢᠬᠤ ᠳᠤ ᠪᠠᠨ ᠭᠡᠳᠤ ᠴᠢᠩᠭ᠋᠎ᠠ ᠶᠠᠷᠢᠬᠤ ᠨᠢ ᠡᠪ ᠦᠭᠡᠶ᠂ ᠭᠡᠨ ᠲᠡᠶ ᠪᠣᠯᠪᠠᠴᠤ ᠶᠠᠷᠢᠯᠴᠠᠬᠤ ᠳᠤ ᠪᠠᠨ ᠡᠭ᠍ᠴᠡᠭᠡᠨ ᠬᠠᠷᠠᠵᠤ᠂ ᠶᠡᠭᠡ ᠰᠢᠷᠳᠡᠭᠦ ᠦᠭᠡᠶ ᠪᠠᠷ ᠨᠥᠭᠦᠷᠰᠡᠭ᠌ ᠪᠠᠢ᠌ᠳᠠᠯ ᠶᠢᠡᠷ ᠶᠠᠷᠢᠳᠠᠭ᠃ ᠡᠭᠢᠯᠡᠵᠤ ᠶᠠᠷᠢᠭᠰᠠᠨ ᠭᠦᠮᠤᠨ ᠶᠠᠷᠢᠵᠤ ᠳᠠᠭᠤᠰᠤᠭᠰᠠᠨ ᠤ ᠳᠠᠷᠠᠭ᠎ᠠ᠂ ᠳᠠᠷᠠᠭ᠎ᠠ ᠶᠢᠨ ᠭᠦᠮᠤᠨ ᠶᠠᠷᠢᠳᠠᠭ᠃ ᠵᠡᠷᠭᠡᠴᠡᠵᠤ ᠣᠷᠤᠯᠳᠤᠵᠤ ᠶᠠᠷᠢᠬᠤ ᠶᠤᠰᠤ ᠦᠭᠡᠶ᠃

6᠂ ᠭᠦᠮᠤᠨ᠂ ᠠᠮᠢᠳᠠᠨ᠂ ᠰᠥᠷᠦᠭ᠌ ᠮᠠᠯ ᠪᠣᠯᠤᠨ ᠣᠨᠤᠭ᠎ᠠ ᠭᠦᠰᠭᠡ ᠪᠠᠷ ᠶᠠᠪᠣᠭ᠎ᠠ ᠭᠦᠮᠤᠨ ᠤ ᠡᠮᠦᠨᠡᠭᠦᠷ ᠭᠠᠷᠳᠠᠭ ᠦᠭᠡᠶ᠂ ᠶᠠᠪᠣᠵᠤ ᠥᠩᠭᠡᠷᠡᠭ᠍ᠰᠡᠨ ᠤ ᠳᠠᠷᠠᠭ᠎ᠠ ᠨᠢ ᠭᠠᠷᠳᠠᠭ᠃

ᠵᠢᠷᠮᠤᠰᠤᠨ ᠡᠮᠡᠭ᠍ᠳᠡᠢ᠂ ᠣᠰᠤ ᠠᠪᠴᠤ ᠶᠠᠪᠣᠭ᠎ᠠ ᠭᠦᠮᠤᠨ ᠢ ᠥᠩᠭᠡᠷᠡᠭᠡᠵᠤ ᠭᠠᠷᠳᠠᠭ ᠶᠤᠰᠤ ᠲᠡᠶ ᠪᠠᠢ᠌ᠯ᠎ᠠ᠃

7᠂ ᠮᠠᠯ ᠰᠥᠷᠦᠭ᠌ ᠢ ᠵᠤᠳᠤᠬᠤ᠂ ᠦᠷᠭᠦᠭᠡᠭᠦ᠂ ᠮᠠᠯ ᠰᠥᠷᠦᠭ᠌ ᠲᠤ ᠠᠭᠤᠷᠯᠠᠬᠤ ᠶᠤᠰᠤ ᠦᠭᠡᠶ᠃

8᠂ ᠨᠤᠮ ᠰᠤᠳᠤᠷ᠂ ᠰᠠᠪᠠ ᠰᠠᠭᠤᠯᠠᠭ᠎ᠠ ᠵᠡᠷᠭᠡ ᠠᠯᠢᠪᠠ ᠶᠠᠭᠤᠮᠠᠨ ᠳᠡᠭᠡᠭᠦᠷ ᠠᠯᠬᠤᠵᠤ ᠭᠠᠷᠳᠠᠭ ᠦᠭᠡᠶ᠃

9᠂ ᠠᠶᠠᠠᠴᠢᠨ ᠪᠣᠯᠤᠨ ᠨᠡᠭᠦᠵᠤ ᠶᠠᠪᠣᠭ᠎ᠠ ᠠᠢ᠌ᠯ ᠢ ᠳᠠᠩᠬᠤ ᠲᠡᠶ ᠴᠠᠢ᠂ ᠳᠠᠪᠠᠭ ᠲᠡᠶ ᠢᠳᠡᠭᠡ ᠪᠠᠷᠢᠨ ᠣᠭᠳᠤᠵᠤ ᠵᠦᠪ ᠳᠠᠯ᠎ᠠ ᠡᠴᠡ ᠨᠢ ᠣᠴᠢᠳᠠᠭ᠂ ᠪᠣᠴᠠᠬᠤ ᠳᠤ ᠪᠠᠨ ᠨᠠᠷᠠᠨ ᠵᠦᠪ ᠳᠤᠭᠤᠷᠢᠵᠤ ᠪᠣᠴᠠᠳᠠᠭ᠃

ᠮᠠᠠᠳᠤᠯᠠᠵᠤ ᠭᠡᠯᠡᠭᠦ ᠥᠭᠡ ᠄ ᠳᠠᠪᠠᠳᠠᠢ ᠠᠶᠠᠯᠠᠵᠤ᠂ ᠨᠡᠭᠦᠵᠤ ᠶᠠᠪᠣᠨ᠎ᠠ ᠦᠦ ︖ ᠳᠠᠪᠠᠳᠠᠢ ᠰᠠᠢ᠌ᠨ ᠰᠠᠭᠤᠵᠤ ᠪᠠᠢ᠌ᠨ᠎ᠠ ᠦᠦ ︖

ᠲ᠋ᠠᠯᠠᠷᠬᠠᠵᠤ ᠭᠡᠯᠡᠭᠦ ᠥᠭᠡ ᠄ ᠠᠶᠠᠨ ᠤ ᠵᠠᠮ ᠳᠠᠨᠢ ᠦᠯᠵᠡᠢ ᠲᠡᠶ ᠪᠣᠯᠤᠭ᠃ ᠨᠡᠭᠦᠳᠡᠯ ᠦᠯᠵᠡᠢ ᠪᠣᠯᠤᠭ ᠁

10᠂ ᠵᠤᠨ ᠠᠩ ᠠᠮᠢᠳᠠᠨ ᠤ ᠦᠰᠦ ᠨᠤᠤᠰᠤ ᠨᠢ ᠭᠦᠢᠴᠡᠭᠡ ᠦᠭᠡᠶ ᠦᠶ᠎ᠡ ᠳᠤ ᠨᠢ ᠪᠠ ᠬᠠᠪᠣᠷ᠂ ᠵᠤᠨ᠂ ᠡᠪᠦᠯ ᠭᠦᠴᠤ ᠳᠠᠷᠭᠤ ᠮᠠᠭᠤᠳᠠᠢ ᠦᠶ᠎ᠡ ᠳᠤ ᠨᠢ ᠵᠢᠴᠢ ᠭᠡᠭᠡᠯ ᠲᠡᠶ ᠦᠶ᠎ᠡ ᠳᠤ ᠨᠢ ᠠᠩ ᠠᠮᠢᠳᠠᠨ ᠢ ᠠᠩᠨᠠᠳᠠᠭ ᠦᠭᠡᠶ᠃ ᠠᠩ ᠠᠮᠢᠳᠠᠨ ᠤ ᠨᠢᠯᠬ᠎ᠠ ᠲᠦᠯ᠂ ᠦᠷ᠎ᠡ ᠲᠦᠯ ᠶᠢᠡᠨ ᠳᠠᠭᠠᠭᠤᠯᠵᠤ ᠶᠠᠪᠣᠭ᠎ᠠ ᠭᠦᠭᠦᠭᠦᠯ ᠠᠮᠢᠳᠠᠨ᠂ ᠪᠠᠭ᠎ᠠ ᠵᠤᠯᠵᠠᠭᠠᠨ ᠠᠮᠢᠳᠠᠨ᠂ ᠬᠤᠪᠣᠷᠳᠠᠭᠰᠠᠨ ᠪᠣᠶᠤ ᠰᠢᠨ᠎ᠠ ᠢᠷᠠᠵᠤ ᠨᠤᠳᠤᠭᠰᠢᠵᠤ ᠪᠠᠢ᠌ᠭ᠎ᠠ ᠠᠮᠢᠳᠠᠨ ᠢ ᠶᠠᠷᠤ ᠠᠩᠨᠠᠳᠠᠭ ᠦᠭᠡᠶ᠃ ᠳᠠᠷᠠ ᠴᠤ ᠠᠳᠤᠭᠠᠢ ᠦᠷᠭᠦᠭᠡᠭᠦ᠂ ᠭᠦᠭᠡᠭᠡᠭᠦ ᠶᠢ ᠴᠡᠭᠡᠷᠯᠡᠳᠡᠭ᠌᠃ ᠢᠴᠡᠳᠡᠭ᠌ ᠠᠮᠢᠳᠠᠨ ᠢ ᠢᠴᠡᠭᠡ ᠳᠤ ᠨᠢ ᠠᠩᠨᠠᠬᠤ ᠶᠢ᠂ ᠢᠴᠡᠭᠡ ᠪᠠᠢ᠌ᠷᠢ ᠶᠢ ᠨᠢ ᠡᠪᠳᠡᠭᠦ ᠶᠢ᠂ ᠰᠥᠷᠦᠭ᠌ ᠶᠢᠡᠷ ᠶᠠᠪᠣᠭ᠎ᠠ ᠠᠮᠢᠳᠠᠨ ᠢ ᠰᠥᠷᠦᠭ᠌ ᠶᠢᠡᠷ ᠨᠢ ᠠᠩᠨᠠᠬᠤ ᠶᠢ ᠬᠤᠷᠢᠭᠯᠠᠳᠠᠭ᠃ ᠠᠩ ᠠᠮᠢᠳᠠᠨ ᠢ ᠠᠩᠨᠠᠬᠤ ᠳᠤ ᠪᠠᠨ ᠳᠠᠷᠴᠢᠯᠠᠭᠠᠨ ᠵᠤᠪᠠᠭᠠᠬᠤ᠂ ᠳᠤᠳᠠᠭᠤ ᠫᠣᠤᠳᠠᠵᠤ ᠰᠢᠷᠬᠠᠳᠤᠭᠤᠯᠬᠤ ᠶᠢ ᠶᠡᠭᠡᠳᠡ ᠴᠡᠭᠡᠷᠯᠡᠳᠡᠭ᠌᠃ ᠠᠩ ᠠᠮᠢᠳᠠᠨ ᠤ ᠨᠥᠭᠡ ᠪᠠᠢ᠌ᠷᠢ᠂ ᠰᠢᠪᠠᠭᠤᠨ ᠤ ᠡᠭᠦᠷ ᠢ ᠡᠪᠳᠡᠳᠡᠭ᠌ ᠦᠭᠡᠶ᠃ ᠬᠠᠷᠢᠨ ᠬᠤᠤᠷᠳᠠᠨ᠂ ᠮᠡᠷᠡᠭ᠍ᠴᠢᠳ ᠢ ᠣᠰᠠᠳᠬᠠᠳᠠᠭ ᠣᠯᠠᠮᠵᠢᠯᠠᠯ ᠲᠡᠶ᠃ ᠰᠢᠷᠭᠤᠯᠵᠢ ᠮᠠᠳᠤ ᠵᠢᠵᠢᠭ᠌ ᠪᠠᠶ᠎ᠠ ᠲᠡᠶ᠂ ᠠᠰᠢᠭᠳᠠᠢ ᠠᠮᠢᠳᠠᠤᠨ ᠢ ᠶᠠᠷᠤ ᠣᠰᠠᠳᠬᠠᠳᠠᠭ ᠦᠭᠡᠶ᠃

ᠰᠢᠪᠠᠭᠤᠨ ᠥᠡᠳᠡᠭᠡ ᠪᠠᠢ᠌ᠪᠠᠯ ᠬᠤᠯᠠᠭᠤᠷ ᠳᠤᠭᠤᠷᠢᠵᠤ ᠭᠠᠷᠳᠠᠭ᠂ ᠰᠡᠭᠦᠳᠡᠷ ᠶᠢᠡᠨ ᠴᠤ ᠳᠤᠰᠬᠠᠳᠠᠭ ᠦᠭᠡᠶ᠃ ᠭᠡᠷᠪᠡ ᠰᠡᠭᠦᠳᠡᠷ ᠶᠢᠡᠨ ᠳᠤᠰᠬᠠᠪᠠᠯ ᠰᠢᠪᠠᠭᠤ ᠥᠡᠳᠡᠭᠡ ᠪᠠᠨ ᠭᠤᠯᠤᠭᠠᠤᠨ ᠳᠠᠷᠤᠳᠠᠭ ᠦᠭᠡᠶ᠂ ᠥᠡᠳᠡᠭᠡ ᠨᠢ ᠳᠡᠭ᠍ᠳᠡᠭᠡᠭᠡᠢ ᠪᠣᠯᠵᠤ ᠴᠢᠳᠠᠳᠠᠭ ᠦᠭᠡᠶ ᠭᠡᠳᠡᠭ᠌ ᠥᠭᠡ ᠪᠠᠢ᠌ᠳᠠᠭ᠃

ᠠᠩ ᠠᠮᠢᠳᠠᠨ ᠢ ᠬᠠᠮᠠᠭᠠᠯᠠᠬᠤ ᠡᠨᠡ ᠮᠠᠳᠤ ᠣᠯᠠᠮᠵᠢᠯᠠᠯᠳᠤ ᠶᠤᠰᠤ ᠪᠣᠢ᠃ ᠡᠨᠡ ᠭᠦ ᠣᠯᠠᠮᠵᠢᠯᠠᠯᠳᠤ ᠶᠤᠰᠤᠨ ᠳᠤ ᠵᠠᠷᠢᠮ ᠢ ᠬᠠᠤᠯᠢ ᠪᠠᠷ ᠵᠤᠭᠢᠴᠠᠭᠤᠯᠵᠤ ᠪᠠᠢ᠌ᠭᠰᠠᠨ ᠪᠦᠭᠡᠳ ᠳᠠᠷᠠ ᠨᠢ ᠣᠯᠠᠨ ᠵᠠᠭᠤᠨ ᠵᠢᠯ ᠤᠨ ᠡᠴᠦᠰ ᠲᠤ ᠭᠡᠪᠰᠢᠭᠡᠳ᠂ ᠦᠪᠯᠠᠨ ᠣᠯᠠᠮᠵᠢᠯᠠᠬᠤ ᠴᠢᠨᠠᠷᠳᠠᠢ ᠵᠠᠩᠰᠢᠯ ᠪᠣᠯᠵᠠᠢ᠃

《ᠬᠠᠯᠬ᠎ᠠ ᠵᠢᠷᠤᠮ》 ᠭᠡᠳᠡᠭ᠌ ᠡᠷᠳᠡᠨ ᠤ ᠬᠠᠤᠯᠢ ᠴᠠᠭᠠᠵᠠ ᠶᠢᠨ ᠳᠤᠷᠠᠰᠬᠠᠯ ᠪᠢᠴᠢᠭ᠌ ᠲᠤ 《ᠳᠠᠷᠪᠠᠭ᠎ᠠ ᠣᠳᠤᠭᠠᠤᠨ ᠣᠬᠤᠵᠤ ᠠᠪᠣᠭ᠎ᠠ ᠦᠭᠡᠶ ᠣᠷᠭᠢᠭᠰᠠᠨ ᠭᠦᠮᠤᠨ ᠢ ᠰᠢᠳᠤᠯᠠᠩ ᠥᠭᠡᠷ ᠶᠢᠡᠷ ᠳᠤᠷᠭᠠᠨ᠎ᠠ》 ᠭᠡᠵᠤ ᠵᠢᠭᠠᠭᠰᠠᠨ ᠪᠠᠢ᠌ᠨ᠎ᠠ᠃

ᠡᠢ᠌ᠨ ᠭᠦ ᠡᠷᠭᠢᠮ ᠶᠤᠰᠤ ᠪᠣᠯ ᠵᠥᠪᠭᠡᠨ ᠠᠩ ᠠᠮᠢᠳᠠᠨ ᠢ ᠬᠠᠢ᠌ᠷᠠᠯᠠᠬᠤ᠂ ᠬᠠᠮᠠᠭᠠᠯᠠᠬᠤ ᠣᠯᠠᠮᠵᠢᠯᠠᠯ ᠪᠣᠯᠬᠤ ᠶᠢᠨ ᠬᠠᠮᠳᠤ ᠮᠤᠩᠭ᠋ᠤᠯᠴᠤᠳ ᠤᠨ ᠪᠠᠢ᠌ᠭᠠᠯᠢ ᠣᠷᠴᠢᠨ ᠶᠢᠡᠨ ᠬᠠᠮᠠᠭᠠᠯᠠᠵᠤ ᠢᠷᠡᠭ᠍ᠰᠡᠨ ᠡᠭᠡ ᠣᠷᠤᠠᠴᠢ ᠰᠠᠨᠠᠭᠠᠨ ᠤ ᠨᠢᠭᠡᠨ ᠭᠡᠷᠡᠴᠢ ᠶᠤᠮ᠃

11᠂ ᠮᠠᠯ ᠢ ᠣᠨᠤᠵᠤ ᠡᠳ᠋ᠯᠡᠭᠦ ᠲᠡᠶ ᠬᠤᠯᠪᠣᠭ᠎ᠠ ᠲᠡᠶ ᠣᠯᠠᠨ ᠶᠤᠰᠤ ᠪᠣᠢ᠃ ᠶᠠᠮᠠᠷ ᠴᠤ ᠣᠨᠤᠭ᠎ᠠ ᠶᠢ ᠭᠡᠳᠤ ᠴᠠᠳᠬᠤᠯᠠᠩ ᠦᠶ᠎ᠡ ᠳᠤ ᠨᠢ ᠣᠨᠤᠵᠤ ᠳᠠᠪᠭᠢᠬᠤ ᠦᠭᠡᠶ᠃ ᠡᠨᠡ ᠪᠣᠯ ᠮᠠᠯ ᠤᠨ ᠡᠳ᠋ᠯᠡᠯᠭᠡ ᠶᠢ ᠣᠷᠳᠤᠰᠬᠠᠬᠤ᠂ ᠬᠠᠢ᠌ᠷᠠᠯᠠᠬᠤ ᠬᠠᠮᠠᠭᠠᠯᠠᠬᠤ ᠲᠡᠶ ᠬᠤᠯᠪᠣᠭ᠎ᠠ ᠲᠡᠶ ᠣᠯᠠᠮᠵᠢᠯᠠᠯᠳᠤ ᠠᠷᠭ᠎ᠠ ᠶᠤᠰᠤ ᠶᠤᠮ᠃

ᠮᠤᠷᠢ ᠣᠨᠤᠬᠤ ᠳᠤ ᠪᠠᠨ ᠵᠥᠭᠡᠯᠡᠨ ᠮᠤᠷᠳᠠᠳᠠᠭ᠂ ᠭᠡᠷᠪᠡ ᠵᠡᠭᠦᠨ ᠳᠠᠯ᠎ᠠ ᠶᠢᠨ ᠳᠦᠷᠦᠭᠡ ᠶᠢ ᠭᠦᠴᠦᠳᠡᠢ ᠳᠠᠯᠪᠢᠪᠠᠯ ᠮᠤᠷᠢ ᠮᠤᠷᠳᠠᠩᠭ᠋ᠤᠳᠠ ᠣᠬᠤᠰᠭᠢᠳᠠᠭ᠂ ᠪᠣᠯᠭᠢᠳᠠᠭ ᠵᠠᠩ ᠲᠡᠶ ᠪᠣᠯᠳᠠᠭ᠃ ᠮᠤᠷᠢ ᠶᠢ ᠳᠠᠰᠢᠭᠤᠷᠳᠠᠬᠤ ᠳᠤ ᠪᠠᠨ ᠵᠤᠵᠠᠭᠠᠨ ᠭᠤᠶᠠᠨ ᠳᠤ ᠨᠢ ᠳᠠᠰᠢᠭᠤᠷᠳᠠᠨ᠎ᠠ᠃ ᠴᠠᠪᠢ᠂ ᠳᠠᠰᠢᠶᠠᠨ ᠳᠤᠯᠤᠭᠠᠢ᠂ ᠣᠬᠤᠷ ᠰᠡᠭᠦᠯ ᠣᠷᠤᠭᠤ ᠨᠢ ᠳᠠᠰᠢᠭᠤᠷᠳᠠᠵᠤ ᠦᠯᠦ ᠪᠣᠯᠤᠨ᠎ᠠ᠃

ᠮᠤᠷᠢᠨ ᠤ ᠵᠢᠯᠤᠭᠤ ᠶᠢ ᠪᠠᠷᠠᠭᠤᠨ ᠭᠠᠷ ᠶᠢᠡᠷ ᠶᠢᠡᠨ᠂ ᠳᠠᠰᠢᠭᠤᠷ ᠢ ᠵᠡᠭᠦᠨ ᠭᠠᠷ ᠶᠢᠡᠷ ᠶᠢᠡᠨ ᠪᠠᠷᠢᠳᠠᠭ᠃ ᠮᠤᠷᠢ᠂ ᠳᠡᠮᠡᠭᠡ ᠣᠨᠤᠬᠤ ᠳᠤ ᠪᠠᠨ ᠵᠡᠭᠦᠨ ᠳᠠᠯ᠎ᠠ ᠡᠴᠡ ᠨᠢ ᠮᠤᠷᠳᠠᠳᠠᠭ᠃ ᠨᠤᠭᠳᠤᠯᠠᠵᠤ᠂ ᠬᠠᠵᠠᠭᠠᠷᠯᠠᠵᠤ᠂ ᠪᠣᠢ᠌ᠯᠠᠯᠠᠵᠤ᠂ ᠳᠤᠰᠢᠵᠤ ᠴᠢᠳᠦᠷᠯᠡᠭᠦ ᠳᠤ ᠪᠠᠨ ᠴᠤ ᠵᠦᠪ ᠳᠠᠯ᠎ᠠ ᠡᠴᠡ ᠨᠢ ᠪᠠᠷᠢᠵᠤ ᠨᠤᠭᠳᠤᠯᠠᠵᠤ᠂ ᠬᠠᠵᠠᠭᠠᠷᠯᠠᠵᠤ᠂ ᠪᠣᠢ᠌ᠯᠠᠯᠠᠵᠤ᠂ ᠳᠤᠰᠢᠵᠤ ᠴᠢᠳᠦᠷᠯᠡᠳᠡᠭ᠌᠃ ᠮᠤᠷᠢ᠂ ᠳᠡᠮᠡᠭᠡ ᠶᠢ ᠠᠷᠭᠠᠮᠵᠢᠬᠤ ᠳᠤ ᠪᠠᠨ ᠣᠷᠳᠤ ᠬᠤᠶᠠᠷ ᠭᠦᠯ ᠢ ᠨᠢ ᠳᠤᠰᠢᠭᠠᠤᠨ᠂ ᠪᠠᠷᠠᠭᠤᠨ ᠭᠦᠯ ᠡᠴᠡ ᠨᠢ ᠠᠷᠭᠠᠮᠵᠢᠳᠠᠭ᠃ ᠮᠤᠷᠢ᠂ ᠳᠡᠮᠡᠭᠡ ᠶᠢ ᠳᠤᠰᠢᠬᠤ ᠦᠭᠡᠶ ᠪᠠᠷ ᠭᠦᠵᠦᠭᠦᠤ ᠳᠤᠯᠤᠭᠠᠢ ᠡᠴᠡ ᠨᠢ ᠠᠷᠭᠠᠮᠵᠢᠳᠠᠭ ᠦᠭᠡᠶ᠂ ᠴᠢᠩᠭᠢᠪᠠᠯ ᠮᠤᠷᠢ᠂ ᠳᠡᠮᠡᠭᠡ ᠭᠡᠨᠡᠳᠲᠡ ᠳᠠᠪᠭᠢᠭᠠᠤᠨ ᠣᠭᠵᠤᠮ ᠣᠨᠠᠵᠤ ᠭᠦᠵᠦᠭᠦᠤ ᠪᠠᠨ ᠪᠣᠯᠭᠤᠯᠳᠠᠭ᠃

ᠭᠡᠭᠦᠤ᠂ ᠢᠩᠭᠡ᠂ ᠦᠨᠢᠶ᠎ᠡ ᠶᠢ ᠵᠦᠪ ᠳᠠᠯ᠎ᠠ ᠡᠴᠡ ᠨᠢ ᠣᠴᠢᠵᠤ᠂ ᠵᠦᠪ ᠳᠠᠯ᠎ᠠ ᠳᠤ ᠨᠢ ᠰᠠᠭᠤᠵᠤ ᠰᠠᠭᠠᠳᠠᠭ᠃ ᠮᠤᠷᠢ ᠶᠢ ᠣᠨᠤᠭᠠᠤᠨ ᠬᠠᠮᠢᠶ᠎ᠠ ᠦᠭᠡᠶ ᠳᠠᠪᠭᠢᠳᠠᠭ ᠦᠭᠡᠶ᠂ ᠢᠯᠠᠩᠭ᠋ᠤᠶ᠎ᠠ ᠭᠠᠵᠠᠷ ᠣᠷᠤᠭᠤ᠂ ᠥᠭᠡᠳᠡ ᠳᠠᠪᠭᠢᠬᠤ ᠶᠤᠰᠤ ᠦᠭᠡᠶ᠃ ᠮᠤᠷᠢ ᠶᠢ ᠣᠷᠤᠯᠳᠤᠵᠤ ᠢᠷᠡᠭᠡᠳ᠂ ᠡᠰᠡᠪᠠᠯ ᠳᠠᠪᠭᠢᠭᠤᠯᠵᠤ ᠶᠠᠪᠣᠭᠠᠤᠨ ᠭᠡᠨᠡᠳᠲᠡ ᠵᠤᠭᠰᠤᠭᠠᠳᠠᠭ ᠦᠭᠡᠶ᠂ ᠴᠢᠩᠭᠢᠪᠠᠯ ᠭᠦᠯ ᠳᠤ ᠨᠢ ᠴᠢᠰᠤ ᠬᠤᠷᠠᠵᠤ᠂ ᠰᠤᠯᠠ ᠭᠦᠯ ᠲᠡᠶ᠂ ᠪᠦᠳᠦᠷᠢᠳᠡᠭ᠌ ᠪᠣᠯᠳᠠᠭ᠃

ᠮᠤᠷᠢ ᠶᠢ ᠭᠦᠯᠦᠰᠤ ᠲᠡᠶ ᠦᠶ᠎ᠡ ᠳᠤ ᠨᠢ ᠡᠮᠡᠭᠡᠯ ᠳᠤᠬᠤᠮ ᠢ ᠨᠢ ᠠᠪᠳᠠᠭ ᠦᠭᠡᠶ᠂ ᠭᠦᠯᠦᠰᠤ ᠶᠢ ᠨᠢ ᠬᠠᠳᠠᠭᠠᠵᠤ ᠪᠠᠢ᠌ᠵᠤ ᠡᠮᠡᠭᠡᠯ ᠳᠤᠬᠤᠮ ᠢ ᠨᠢ ᠠᠪᠳᠠᠭ ᠶᠤᠰᠤ ᠲᠡᠶ᠃ ᠳᠡᠭᠦᠡᠴᠢᠯᠡᠨ ᠮᠤᠷᠢ ᠶᠢ ᠭᠦᠯᠦᠰᠤ ᠲᠡᠶ ᠦᠶ᠎ᠡ ᠳᠤ ᠨᠢ ᠣᠰᠤᠯᠠᠳᠠᠭ ᠦᠭᠡᠶ᠃ ᠮᠤᠷᠢ ᠶᠢ ᠴᠠᠰᠤᠨ ᠤ ᠣᠰᠤ᠂ ᠪᠣᠭᠢᠷ ᠣᠰᠤ᠂ ᠱᠠᠯᠪᠠᠭ ᠶᠢᠡᠷ ᠣᠰᠤᠯᠠᠳᠠᠭ ᠦᠭᠡᠶ᠃ ᠴᠢᠩᠭᠢᠪᠠᠯ ᠮᠤᠷᠢᠨ ᠳᠤ ᠮᠠᠭᠤ ᠪᠣᠯᠤᠨ᠎ᠠ᠂ ᠳᠠᠷᠠ ᠴᠤ ᠠᠳᠤᠭᠠᠢ ᠮᠤᠷᠢ ᠥᠭᠦᠭᠦ ᠴᠤ ᠶᠠᠪᠣᠳᠠᠯ ᠭᠠᠷᠳᠠᠭ᠃

ᠭᠡᠭᠦᠤ ᠰᠠᠭᠠᠬᠤ᠂ ᠣᠨᠠᠭ᠎ᠠ ᠪᠠᠷᠢᠬᠤ ᠳᠤ ᠵᠠᠪᠠᠯ ᠨᠠᠷᠠ ᠪᠣᠴᠠᠬᠤ ᠡᠴᠡ ᠡᠮᠦᠨ᠎ᠡ (ᠵᠢᠷᠭᠤᠳᠤᠭᠠᠷ ᠰᠠᠷ᠎ᠠ ᠶᠢᠨ ᠬᠤᠷᠢᠨ ᠬᠤᠶᠠᠷ)ᠪᠠᠷᠰ ᠡᠳᠦᠷ ᠣᠨᠠᠭ᠎ᠠ ᠪᠠᠷᠢᠳᠠᠭ ᠶᠤᠰᠤ ᠲᠡᠶ᠃ ᠡᠨᠡ ᠨᠢ ᠪᠠᠷᠰ ᠯᠤᠭ᠎ᠠ ᠠᠳᠠᠯᠢ ᠭᠦᠴᠦᠳᠡᠢ᠂ ᠰᠡᠷᠭᠦᠯᠡᠩ ᠴᠤᠪᠣᠭᠤ ᠠᠳᠤᠭᠤ ᠪᠣᠯᠬᠤ ᠶᠢ ᠪᠠᠯᠭᠡᠳᠡᠭ᠍ᠰᠡᠨ ᠣᠤᠠᠬ᠎ᠠ ᠲᠡᠶ᠃ ᠣᠨᠠᠭ᠎ᠠ ᠶᠢ ᠪᠠᠷᠢᠬᠤ ᠳᠤ ᠪᠠᠨ ᠡᠭᠢᠯᠡᠵᠤ ᠣᠤᠭᠠᠨ ᠣᠨᠠᠭ᠎ᠠ ᠶᠢ ᠠᠵᠢᠷᠭ᠎ᠠ ᠪᠠᠨ ᠣᠨᠤᠵᠤ ᠣᠷᠭᠠᠯᠠᠵᠤ ᠪᠠᠷᠢᠭᠠᠤᠨ ᠵᠠᠯ᠎ᠠ ᠶᠢᠨ ᠪᠠᠷᠠᠭᠤᠨ ᠳᠠᠯ᠎ᠠ ᠡᠴᠡ ᠨᠢ ᠣᠶᠠᠨ᠎ᠠ᠂ ᠣᠤᠭᠠᠨ ᠣᠨᠠᠭ᠎ᠠ ᠶᠢ ᠪᠠᠷᠢᠬᠤ ᠳᠤ ᠪᠠᠨ ᠣᠷᠭ᠎ᠠ ᠶᠢᠨ ᠥᠵᠦᠭᠦᠷ ᠲᠤ ᠬᠠᠳᠠᠭ ᠣᠶᠠᠵᠤ ᠣᠷᠭᠠᠯᠠᠭᠠᠤᠨ ᠳᠠᠷᠠ ᠣᠨᠠᠭ᠎ᠠ ᠶᠢ ᠪᠠᠷᠢᠭᠰᠠᠨ ᠤ ᠳᠠᠷᠠᠭ᠎ᠠ ᠬᠠᠳᠠᠭ ᠢ ᠣᠤᠭᠠᠨ ᠣᠨᠠᠭ᠎ᠠ ᠶᠢᠨ ᠨᠤᠭᠳᠤ ᠳᠤ ᠬᠠᠪᠴᠢᠭᠤᠯᠳᠠᠭ ᠵᠠᠩᠰᠢᠯ ᠲᠡᠶ᠃

ᠪᠣᠭᠤᠰ ᠪᠠ ᠣᠨᠠᠭ᠎ᠠ ᠲᠡᠶ ᠭᠡᠭᠦᠤ᠂ ᠠᠵᠢᠷᠭ᠎ᠠ ᠣᠨᠤᠳᠠᠭ ᠦᠭᠡᠶ᠃

ᠭᠡᠭᠡᠯ ᠲᠡᠶ ᠢᠩᠭᠡ᠂ ᠪᠣᠳᠤᠭᠤ ᠲᠡᠶ ᠢᠩᠭᠡ᠂ ᠪᠣᠤᠷ᠎ᠠ ᠣᠨᠤᠳᠠᠭ ᠦᠭᠡᠶ᠃

ᠲ᠋ᠡᠮᠡᠭᠡᠨ ᠤ ᠪᠣᠢ᠌ᠯᠠ ᠶᠢ ᠭᠤᠤᠯᠴᠠᠭᠤ ᠬᠠᠷᠠᠭᠠᠨ᠎ᠠ ᠪᠠᠷ ᠭᠢᠳᠡᠭ᠌᠃ ᠡᠨᠡ ᠨᠢ ᠨᠢᠭᠡ ᠳᠠᠯ᠎ᠠ ᠪᠠᠷ ᠶᠢᠡᠨ ᠰᠢᠳᠠᠰᠤ ᠦᠭᠡᠶ᠂ ᠨᠥᠭᠦᠭᠡ ᠳᠠᠯ᠎ᠠ ᠪᠠᠷ ᠶᠢᠡᠨ ᠳᠠᠯᠪᠢᠷᠠᠳᠠᠭ ᠦᠭᠡᠶ᠃ ᠳᠡᠮᠡᠭᠡᠨ ᠤ ᠪᠣᠢ᠌ᠯᠠ ᠶᠢ ᠰᠠᠢ᠌ᠨ ᠵᠠᠰᠠᠵᠤ ᠶᠠᠩᠵᠤᠯᠠᠭᠰᠠᠨ ᠤ ᠳᠠᠷᠠᠭ᠎ᠠ ᠳᠤᠰᠤ᠂ ᠱᠦᠯᠦ᠂ ᠬᠠᠷ᠎ᠠ ᠴᠠᠢ ᠶᠢᠨ ᠠᠯᠢ ᠨᠢᠭᠡᠨ ᠳᠤ ᠴᠢᠨᠠᠵᠤ ᠬᠠᠳᠠᠭᠠᠳᠠᠭ᠃ ᠢᠩᠭᠢᠪᠠᠯ ᠪᠣᠢ᠌ᠯᠠ ᠭᠦᠭᠡᠭᠡᠳᠡᠭ᠌ ᠦᠭᠡᠶ᠂ ᠳᠡᠪᠳᠦᠳᠡᠭ᠌ ᠦᠭᠡᠶ᠃ ᠳᠡᠮᠡᠭᠡ ᠶᠢ ᠪᠣᠢ᠌ᠯᠠᠯᠠᠭᠠᠤᠨ ᠰᠢᠷᠬ᠎ᠠ ᠰᠤᠷᠪᠢ ᠨᠢ ᠡᠳᠡᠭᠡᠷᠡᠭ᠍ᠰᠡᠨ ᠤ ᠳᠠᠷᠠᠭ᠎ᠠ ᠨᠢ ᠣᠨᠤᠳᠠᠭ ᠶᠤᠰᠤ ᠲᠡᠶ᠃ ᠭᠡᠷᠪᠡ ᠪᠣᠢ᠌ᠯᠠᠯᠠᠩᠭ᠋ᠤᠳᠠ ᠪᠣᠶᠤ ᠰᠢᠷᠬ᠎ᠠ ᠨᠢ ᠡᠳᠡᠭᠡᠷᠡᠭᠡ ᠦᠭᠡᠶ ᠦᠶ᠎ᠡ ᠳᠤ ᠣᠨᠤᠪᠠᠯ ᠳᠡᠮᠡᠭᠡ ᠣᠷᠢᠯᠠᠭ᠎ᠠ ᠪᠣᠯᠳᠠᠭ᠃

12᠂ ᠴᠡᠴᠡᠭ᠌ ᠨᠠᠪᠴᠢ᠂ ᠣᠷᠭᠤᠮᠠᠯ ᠮᠤᠳᠤᠨ ᠤ ᠮᠦᠴᠢᠷ ᠳᠠᠰᠤᠳᠠᠬᠤ᠂ ᠬᠤᠭᠤᠯᠬᠤ᠂ ᠠᠮᠢᠳᠤ ᠵᠠᠯᠠᠭᠤ ᠮᠤᠳᠤ ᠣᠭᠳᠤᠯᠬᠤ ᠵᠡᠷᠭᠡ ᠶᠢ ᠬᠠᠳᠠᠭᠤ ᠬᠤᠷᠢᠭᠯᠠᠳᠠᠭ᠃ ᠣᠰᠤᠨ ᠤ ᠡᠭᠢ ᠪᠣᠯᠤᠨ ᠬᠠᠪᠢ ᠤᠢ᠌ᠷ᠎ᠡ ᠶᠢᠨ ᠮᠤᠳᠤ ᠣᠭᠳᠤᠯᠳᠠᠭ ᠦᠭᠡᠶ ᠶᠤᠰᠤ ᠲᠡᠶ᠃ ᠭᠡᠷᠪᠡ ᠣᠭᠳᠤᠯᠪᠠᠯ ᠳᠠᠷᠠ ᠬᠠᠪᠢ ᠶᠢᠨ ᠣᠰᠤ ᠰᠢᠷᠭᠢᠳᠡᠭ᠌᠃ ᠡᠨᠡ ᠠᠮᠢᠳᠤ ᠪᠠᠢ᠌ᠭᠠᠯᠢ ᠶᠢᠨ ᠬᠠᠤᠯᠢ ᠶᠤᠮ᠃

ᠵᠢᠮᠢᠰ᠂ ᠡᠮ ᠤᠨ ᠣᠷᠭᠤᠮᠠᠯ᠂ ᠰᠠᠮᠤᠷ ᠵᠡᠷᠭᠡ ᠶᠢ ᠳᠡᠭᠦᠭᠦ ᠳᠤ ᠪᠠᠨ ᠦᠨᠳᠦᠰᠦ᠂ ᠡᠰᠢ ᠮᠦᠴᠢᠷ ᠲᠡᠶ ᠨᠢ ᠬᠠᠮᠳᠤ ᠠᠪᠳᠠᠭ ᠦᠭᠡᠶ ᠶᠤᠰᠤ ᠲᠡᠶ᠂ ᠭᠡᠷᠪᠡ ᠬᠠᠮᠳᠤ ᠳᠤ ᠨᠢ ᠠᠪᠣᠪᠠᠯ ᠳᠠᠠᠳᠠ ᠳᠠᠭᠢᠨ ᠳᠠᠷᠠ ᠵᠣᠢ᠌ᠯ ᠤᠨ ᠣᠷᠭᠤᠮᠠᠯ ᠣᠷᠭᠤᠳᠠᠭ ᠦᠭᠡᠶ᠃ ᠢᠳᠤᠭᠠᠨ ᠮᠤᠳᠤ ᠪᠣᠯᠤᠨ ᠭᠡᠰᠡᠭ᠌ ᠪᠦᠭᠡᠮ ᠮᠤᠳᠤ ᠶᠢ ᠣᠭᠳᠤᠯᠳᠠᠭ ᠦᠭᠡᠶ᠃ ᠡᠨᠡ ᠪᠣᠯ ᠮᠤᠳᠤ ᠣᠷᠭᠤᠮᠠᠯ ᠶᠢᠡᠨ ᠬᠠᠢ᠌ᠷᠠᠯᠠᠬᠤ᠂ ᠬᠠᠮᠠᠭᠠᠯᠠᠬᠤ ᠵᠤᠷᠢᠯᠭ᠎ᠠ ᠪᠠᠷ ᠭᠠᠷᠤᠭᠰᠠᠨ ᠠᠷᠠᠤᠨ ᠤᠨ ᠰᠠᠢ᠌ᠨ ᠣᠯᠠᠮᠵᠢᠯᠠᠯ ᠶᠤᠮ᠃ ᠶᠠᠷᠤ ᠨᠢ ᠮᠠᠨ ᠤ ᠮᠤᠩᠭ᠋ᠤᠯᠴᠤᠳ ᠵᠠᠯᠠᠭᠤ ᠵᠤᠯᠵᠠᠭᠠᠨ ᠮᠤᠳᠤ ᠣᠭᠳᠤ ᠣᠭᠳᠤᠯᠳᠠᠭ ᠦᠭᠡᠶ ᠪᠠᠢ᠌ᠭᠰᠠᠨ ᠪᠦᠭᠡᠳ ᠭᠠᠯ ᠤᠨ ᠲᠦᠯᠡᠭᠡ ᠳᠤ ᠭᠡᠷᠡᠭᠯᠡᠭᠦ ᠳᠤ ᠪᠠᠨ ᠥᠭᠢᠷᠡᠭ᠍ᠰᠡᠨ᠂ ᠭᠦᠭ᠍ᠰᠢᠷᠡᠵᠤ ᠣᠷᠭᠤᠬᠤ ᠪᠠᠨ ᠪᠣᠯᠢᠭᠰᠠᠨ ᠮᠤᠳᠤ ᠶᠢ ᠠᠪᠳᠠᠭ᠃

13᠂ ᠣᠰᠤ ᠪᠣᠭᠢᠷᠳᠤᠭᠤᠯᠬᠤ᠂ ᠪᠣᠯᠠᠩᠭᠢᠷᠳᠤᠭᠤᠯᠬᠤ᠂ ᠪᠣᠯᠠᠭ ᠱᠠᠩᠳᠠ ᠶᠢᠨ ᠣᠰᠤᠨ ᠳᠤ ᠶᠠᠭᠤᠮ᠎ᠠ ᠣᠭᠢᠶᠠᠬᠤ ᠶᠢ ᠴᠡᠭᠡᠷᠯᠡᠳᠡᠭ᠌᠃ ᠷᠠᠰᠢᠶᠠᠨ᠂ ᠪᠣᠯᠠᠭ ᠱᠠᠩᠳᠠ ᠶᠢᠨ ᠣᠰᠤᠨ ᠳᠤ ᠴᠠᠭ᠎ᠠ ᠣᠷᠤᠭᠤᠯᠬᠤ᠂ ᠪᠣᠭᠢᠷ ᠵᠣᠢ᠌ᠯ ᠭᠢᠭᠦ ᠶᠤᠰᠤ ᠦᠭᠡᠶ᠃ ᠪᠣᠯᠠᠭ ᠱᠠᠩᠳᠠ ᠶᠢᠨ ᠣᠰᠤ ᠶᠢ ᠠᠷᠢᠭᠤᠨ ᠣᠰᠤ ᠭᠡᠵᠤ ᠡᠷᠭᠢᠮᠯᠡᠳᠡᠭ᠌ ᠣᠯᠠᠮᠵᠢᠯᠠᠯ ᠲᠡᠶ᠃ ᠣᠷᠤᠰᠬᠠᠯ ᠣᠰᠤᠨ ᠳᠤ ᠶᠠᠭᠤᠮ᠎ᠠ ᠬᠠᠮᠢᠶ᠎ᠠ ᠦᠭᠡᠶ ᠣᠭᠢᠶᠠᠬᠤ ᠶᠢ ᠴᠡᠭᠡᠷᠯᠡᠳᠡᠭ᠌᠂ ᠭᠡᠷᠪᠡ ᠣᠷᠤᠰᠬᠠᠯ ᠣᠰᠤᠨ ᠳᠤ ᠶᠠᠭᠤᠮ᠎ᠠ ᠣᠭᠢᠶᠠᠬᠤ ᠪᠣᠯᠪᠠᠯ ᠳᠦᠮᠫᠠᠨ ᠰᠠᠪᠠᠨ ᠳᠤ ᠠᠪᠴᠤ ᠡᠷᠭᠢ ᠡᠴᠡ ᠨᠢ ᠬᠤᠯᠠ ᠣᠴᠢᠵᠤ ᠣᠭᠢᠶᠠᠳᠠᠭ᠃ ᠣᠷᠤᠰᠬᠠᠯ ᠣᠰᠤᠨ ᠳᠤ ᠬᠠᠪᠣᠷ ᠤᠨ ᠴᠠᠭ ᠲᠤ ᠪᠠᠶ᠎ᠠ ᠪᠠᠨ ᠣᠭᠢᠶᠠᠳᠠᠭ ᠦᠭᠡᠶ᠂ ᠳᠦᠭᠦᠭᠡᠢ ᠣᠰᠤ ᠭᠡᠯᠴᠡᠳᠡᠭ᠌᠃ ᠭᠤᠤᠯᠴᠠᠭᠤ ᠵᠤᠨ ᠰᠢᠷ᠎ᠠ ᠴᠡᠴᠡᠭ᠌ ᠭᠦᠢᠴᠡᠭ᠍ᠰᠡᠨ ᠤ ᠳᠠᠷᠠᠭ᠎ᠠ ᠪᠣᠶᠤ ᠨᠠᠮᠤᠷ ᠣᠰᠤᠨ ᠳᠤ ᠣᠷᠤᠳᠠᠭ᠃ ᠱᠠᠯᠪᠠ ᠶᠢᠨ ᠣᠰᠤᠨ ᠡᠴᠡ ᠮᠠᠯ ᠣᠰᠤᠯᠠᠳᠠᠭ ᠦᠭᠡᠶ᠂ ᠢᠩᠭᠢᠪᠠᠯ ᠮᠠᠯ (ᠢᠯᠠᠩᠭ᠋ᠤᠶ᠎ᠠ ᠠᠳᠤᠭᠤ)ᠳᠦᠭᠦᠭᠡᠢ᠌ᠷᠡᠳᠡᠭ᠌᠃

ᠡ᠊ᠨᠳᠡ ᠳᠠᠠᠳᠠ ᠬᠠᠮᠢ᠌ ᠎ᠡ ᠦᠭᠡᠶ ᠭᠠᠳᠠᠭᠠᠯᠠᠬᠤ ᠢᠯᠠᠩᠭ᠋ᠤᠶ᠎ᠠ ᠮᠠᠯ ᠤᠨ ᠬᠤᠳᠠᠨ ᠤ ᠤᠢ᠌ᠷ᠎ᠡ᠂ ᠣᠰᠤ ᠪᠣᠯᠠᠭ᠂ ᠷᠠᠰᠢᠶᠠᠨ ᠤ ᠤᠢ᠌ᠷ᠎ᠡ ᠭᠠᠳᠠᠭᠠᠯᠠᠬᠤ ᠨᠢ ᠨᠠᠩ ᠵᠤᠭᠢᠮᠵᠢ ᠦᠭᠡᠶ᠃

ᠶᠠᠮᠠᠷ ᠴᠤ ᠨᠥᠭᠦᠴᠡᠯ ᠳᠤ ᠭᠡᠭᠡᠷ᠎ᠡ ᠭᠠᠯ ᠲᠦᠯᠡᠭᠦ ᠳᠤ ᠪᠠᠨ ᠣᠷᠭᠤᠮᠠᠯ ᠣᠷᠭᠤᠳᠠᠭ ᠦᠭᠡᠶ ᠡᠯᠡᠰᠦᠷᠭᠡᠭ᠌ ᠭᠠᠵᠠᠷ ᠪᠣᠶᠤ ᠰᠠᠢ᠌ᠷ᠂ ᠴᠤᠯᠭᠤᠢ ᠭᠠᠵᠠᠷ᠂ ᠬᠠᠪᠳᠠᠭᠠᠢ ᠬᠠᠳᠠ ᠴᠢᠯᠠᠭᠤᠨ ᠳᠡᠭᠡᠷ᠎ᠡ ᠭᠠᠯ ᠲᠦᠯᠡᠳᠡᠭ᠌᠃ ᠡᠨᠡ ᠨᠢ ᠭᠠᠯ ᠤᠨ ᠠᠶᠤᠯ ᠡᠴᠡ ᠪᠣᠯᠭᠤᠮᠵᠢᠯᠠᠭᠰᠠᠨ ᠪᠦᠭᠡᠳ ᠭᠠᠵᠠᠷ ᠤᠨ ᠭᠦᠷᠦᠰᠤ ᠶᠢ ᠬᠠᠢ᠌ᠷᠠᠯᠠᠨ ᠬᠠᠮᠠᠭᠠᠯᠠᠬᠤ ᠣᠯᠠᠮᠵᠢᠯᠠᠯ ᠶᠤᠮ᠃

14᠂ ᠭᠠᠵᠠᠷ ᠤᠨ ᠭᠦᠷᠦᠰᠤ ᠶᠢ ᠵᠤᠷᠢᠯᠭ᠎ᠠ ᠦᠭᠡᠶ ᠪᠠᠷ ᠡᠪᠳᠡᠭᠦ᠂ ᠬᠠᠳᠠ ᠴᠢᠯᠠᠭᠤ ᠨᠤᠷᠠᠭᠠᠬᠤ᠂ ᠡ᠊ᠨᠳᠡ ᠳᠠᠠᠳᠠ ᠬᠠᠮᠢᠶ᠎ᠠ ᠦᠭᠡᠶ ᠬᠤᠭ ᠬᠠᠶᠠᠵᠤ ᠭᠠᠵᠠᠷ ᠪᠣᠵᠠᠷᠯᠠᠬᠤ᠂ ᠪᠣᠭᠢᠷᠳᠤᠭᠤᠯᠬᠤ ᠶᠤᠰᠤ ᠦᠭᠡᠶ᠃

15᠂ ᠮᠤᠩᠭ᠋ᠤᠯ ᠭᠦᠮᠤᠨ ᠨᠡᠭᠦᠭᠦ ᠳᠤ ᠪᠠᠨ ᠪᠠᠭᠤᠷᠢ ᠪᠠᠨ ᠵᠠᠪᠠᠯ ᠴᠠᠮᠪᠠᠢ᠌ᠳᠠᠯ᠎ᠠ ᠰᠠᠢ᠌ᠨ ᠴᠡᠪᠠᠷᠯᠡᠳᠡᠭ᠌᠃ ᠬᠤᠭ ᠥᠯᠡᠳᠡᠭᠡᠭᠦ ᠶᠤᠰᠤ ᠦᠭᠡᠶ᠃

16᠂ ᠬᠠᠳᠠᠭ ᠢ ᠪᠠᠯᠡᠭ᠌ ᠲᠤ ᠦᠭ‍ᠭᠦ ᠳᠤ ᠪᠠᠨ ᠬᠠᠳᠠᠭ ᠤᠨ ᠠᠮᠠ ᠶᠢ ᠭᠦᠮᠤᠨ ᠤ ᠥᠭᠡᠳᠡ ᠬᠠᠷᠠᠭᠤᠯᠤᠨ ᠬᠤᠶᠠᠷ ᠭᠠᠷ ᠶᠢᠡᠷ ᠶᠢᠡᠨ ᠥᠭ᠍ᠳᠡᠭ᠌ ᠨᠢ 《ᠠᠷᠢᠭᠤᠨ ᠰᠠᠢ᠌ᠬᠠᠨ ᠰᠡᠳᠭᠢᠯ ᠤᠨ ᠡᠭᠦᠳᠡᠨ ᠡᠴᠡ ᠪᠠᠷᠢᠵᠤ ᠪᠠᠢ᠌ᠭ᠎ᠠ ᠪᠠᠯᠡᠭ᠌ ᠮᠢᠨᠢ ᠳᠠᠨ ᠳᠤ ᠦᠯᠵᠡᠢ ᠲᠡᠶ ᠪᠣᠯᠤᠭ》᠂ 《ᠳᠠᠨ ᠤ ᠠᠴᠢ ᠳᠤᠰᠠ᠂ ᠳᠠ ᠪᠢᠳᠠᠨ ᠤ ᠨᠥᠭᠦᠷᠯᠡᠯ᠂ ᠨᠠᠢ᠌ᠷᠠᠮᠳᠠᠯ᠂ ᠥᠶᠡᠷᠭᠡᠯ ᠠᠷᠢᠭᠤᠨ ᠪᠢᠯᠠ᠃ ᠣᠯᠠᠮ ᠬᠣᠢ᠌ᠨ᠎ᠠ ᠪᠠᠨ ᠴᠤ ᠴᠠᠪᠠᠷ ᠠᠷᠢᠭᠤᠨ ᠪᠠᠢ᠌ᠨ᠎ᠠ》 ᠭᠡᠰᠡᠨ ᠣᠤᠠᠬ᠎ᠠ ᠲᠡᠶ᠃ ᠬᠠᠳᠠᠭ ᠠᠪᠴᠤ ᠪᠠᠢ᠌ᠭ᠎ᠠ ᠭᠦᠮᠤᠨ ᠬᠤᠶᠠᠷ ᠭᠠᠷᠳᠠᠨ ᠠᠪᠣᠭᠠᠤᠨ ᠬᠠᠳᠠᠭ ᠤᠨ ᠳᠤᠯᠤᠭᠠᠢ ᠳᠠᠯ᠎ᠠ ᠶᠢ ᠪᠠᠷᠠᠭᠤᠨ ᠭᠠᠷ ᠳᠡᠭᠡᠷ᠎ᠡ ᠪᠠᠨ ᠳᠠᠯᠪᠢᠵᠤ᠂ ᠪᠠᠷᠠᠭᠤᠨ ᠭᠠᠷ ᠳᠠᠯ᠎ᠠ ᠶᠢ ᠵᠡᠭᠦᠨ ᠭᠠᠷ ᠳᠡᠭᠡᠷ᠎ᠡ ᠪᠠᠨ ᠡᠪᠭᠡᠨ ᠣᠷᠳᠤᠭᠠᠰᠢ ᠨᠢ ᠭᠤᠷᠪᠠ ᠨᠤᠭᠤᠯᠵᠤ ᠡᠪᠭᠡᠳᠡᠭ᠌᠃ ᠡᠨᠡ ᠨᠢ ᠬᠠᠳᠠᠭ ᠤᠨ ᠭᠡ ᠥᠰᠦᠭ᠌ ᠳᠤᠯᠤᠭᠠᠢ ᠶᠢ ᠳᠤᠷᠤᠭᠰᠢ ᠬᠠᠷᠠᠭᠤᠯᠬᠤ ᠦᠭᠡᠶ ᠪᠠᠢ᠌ᠭ᠎ᠠ ᠨᠢ ᠳᠠᠷᠠ᠃ ᠬᠠᠷᠢᠨ ᠭᠠᠰᠢᠭᠤᠳᠠᠯ ᠤᠨ ᠬᠠᠳᠠᠭ ᠢ ᠡᠪᠭᠡᠵᠤ ᠥᠭ᠍ᠳᠡᠭ᠌᠃ ᠬᠠᠳᠠᠭ ᠢ  ᠪᠣᠩᠬᠤᠨ ᠳᠤ ᠭᠢᠳᠡᠭ᠌ ᠶᠤᠰᠤ ᠣᠭᠳᠤ ᠦᠭᠡᠶ ᠪᠢᠯᠠ᠃

17᠂ ᠰᠠᠪᠠ᠂ ᠰᠠᠭᠤᠯᠠᠭ᠎ᠠ᠂ ᠠᠶᠠᠭ᠎ᠠ  ᠂ ᠳᠠᠪᠠᠭ ᠮᠠᠳᠤ ᠵᠣᠢ᠌ᠯ ᠢ ᠭᠦᠮᠤᠨ ᠳᠤ ᠦᠭ‍ᠭᠦ ᠳᠤ ᠪᠠᠨ ᠲ᠋ᠤᠳᠤᠷ᠎ᠠ ᠨᠢ ᠶᠠᠭᠤᠮ᠎ᠠ ᠭᠢᠵᠤ᠂ ᠠᠮᠠ᠂ ᠳᠠᠭ ᠢ ᠨᠢ ᠨᠡᠭᠡᠭᠡᠵᠤ ᠥᠭ᠍ᠳᠡᠭ᠌᠃ ᠬᠤᠭᠤᠰᠤᠨ ᠦᠭ‍ᠭᠦ ᠶᠤᠰᠤ ᠦᠭᠡᠶ᠃ ᠳᠠᠷᠠ ᠨᠢ ᠡᠯᠳᠡᠪ ᠲᠤ ᠳᠦᠭᠦᠷᠡᠩ᠂ ᠠᠷᠪᠢᠨ ᠪᠠᠢ᠌ᠬᠤ ᠶᠢ ᠪᠠᠯᠭᠡᠳᠡᠭ᠍ᠰᠡᠨ ᠶᠤᠰᠤ ᠶᠤᠮ᠃ ᠡᠢ᠌ᠮᠤ ᠡᠴᠡ ᠴᠤ 《ᠰᠠᠪᠠ ᠨᠢ ᠳᠦᠭᠦᠷᠡᠩ᠂ ᠰᠠᠭᠠᠯᠢ ᠨᠢ ᠠᠷᠪᠢᠨ ᠪᠣᠯᠤᠭ》 ᠭᠡᠭᠦ ᠮᠠᠳᠤ ᠥᠭᠡ ᠭᠠᠷᠴᠠᠢ᠃

18᠂ ᠢᠷ ᠥᠵᠦᠭᠦᠷ ᠲᠡᠶ ᠵᠣᠢ᠌ᠯ ᠢ ᠢᠷ ᠥᠵᠦᠭᠦᠷ ᠡᠴᠡ ᠨᠢ ᠪᠠᠷᠢᠵᠤ᠂ ᠢᠷ ᠢ ᠨᠢ ᠡᠭᠦᠳᠡ ᠣᠷᠤᠭᠤ ᠬᠠᠷᠠᠭᠤᠯᠵᠤ᠂ ᠡᠰᠢ ᠪᠠᠷᠢᠭᠤᠯ ᠶᠢᠡᠷ ᠨᠢ ᠥᠭ᠍ᠳᠡᠭ᠌᠃ ᠢᠷ ᠥᠵᠦᠭᠦᠷ ᠲᠡᠶ ᠵᠣᠢ᠌ᠯ ᠢ ᠭᠡᠷ ᠡᠴᠡ ᠠᠪᠴᠤ ᠭᠠᠷᠬᠤ ᠳᠤ ᠪᠠᠨ ᠡᠰᠢ᠂ ᠪᠠᠷᠢᠭᠤᠯ ᠡᠴᠡ ᠨᠢ ᠪᠠᠷᠢᠵᠤ᠂ ᠪᠠᠶ᠎ᠠ ᠶᠢᠨ ᠶᠢᠡᠨ ᠠᠷᠤ ᠳᠠᠯ᠎ᠠ ᠳᠤ ᠪᠠᠷᠢᠨ ᠠᠪᠴᠤ ᠭᠠᠷᠳᠠᠭ ᠲᠡᠶ᠃

19᠂ ᠪᠠᠯᠡᠭ᠌ ᠤᠨ ᠵᠣᠢ᠌ᠯ ᠢ ᠬᠤᠶᠠᠷ ᠭᠠᠷ ᠶᠢᠡᠷ ᠶᠢᠡᠨ ᠪᠠᠷᠢᠵᠤ ᠳᠡᠭᠡᠷ᠎ᠡ ᠡᠷᠭᠦᠵᠤ᠂ ᠶᠡᠭᠡᠳᠡ ᠪᠠᠶᠠᠰᠬᠤᠯᠠᠩᠳᠠᠢ ᠪᠠᠷ ᠳᠠᠯᠠᠷᠬᠠᠭᠰᠠᠨ ᠶᠢᠡᠨ ᠭᠡᠯᠡᠵᠤ ᠥᠭ᠍ᠳᠡᠭ᠌ ᠨᠢ ᠪᠠᠯᠡᠭ᠌ ᠳᠤᠭᠳᠠᠭᠠᠬᠤ ᠭᠦᠮᠤᠨ ᠶᠢᠡᠨ ᠦᠷᠭᠦᠯᠵᠢᠳᠡ ᠥᠭᠡᠳᠡᠯᠡᠨ ᠶᠠᠪᠣᠬᠤ ᠶᠢ ᠪᠠᠯᠭᠡᠳᠡᠨ ᠢᠷᠦᠭᠡᠵᠤ ᠪᠠᠢ᠌ᠭ᠎ᠠ ᠪᠠᠨ ᠢᠯᠡᠳᠭᠡᠭ᠍ᠰᠡᠨ ᠣᠤᠠᠬ᠎ᠠ ᠲᠡᠶ ᠪᠠᠢ᠌ᠳᠠᠭ᠃ ᠪᠠᠯᠡᠭ᠌ ᠢ ᠳᠤᠰᠤᠭᠰᠠᠨ ᠭᠦᠮᠤᠨ ᠴᠤ ᠦᠭ‍ᠭᠦᠭ᠍ᠰᠡᠨ ᠪᠠᠯᠡᠭ᠌ ᠢ ᠮᠠᠩᠨᠠᠢ ᠶᠢᠨ ᠳᠤᠰᠢᠶ᠎ᠠ ᠭᠦᠷᠳᠡᠯ᠎ᠡ ᠦᠨᠳᠦᠷ ᠡᠷᠭᠦᠵᠤ᠂ ᠪᠠᠶᠠᠷᠯᠠᠭᠰᠠᠨ ᠶᠢᠡᠨ ᠭᠡᠯᠡᠵᠤ᠂ ᠪᠠᠯᠡᠭ᠌ ᠢ ᠠᠪᠳᠠᠭ ᠨᠢ ᠪᠠᠯᠡᠭ᠌ ᠦᠭ‍ᠭᠦᠭ᠍ᠰᠡᠨ ᠭᠦᠮᠤᠨ ᠶᠢᠡᠨ ᠥᠭᠡᠳᠡᠯᠡ ᠮᠠᠠᠳᠤᠵᠤ ᠪᠠᠢ᠌ᠬᠤ ᠶᠢ ᠢᠷᠦᠭᠡᠨ᠂ ᠦᠭ‍ᠭᠦᠭ᠍ᠰᠡᠨ ᠪᠠᠯᠡᠭ᠌ ᠢ ᠨᠢ ᠣᠢ᠌ᠰᠢᠶᠠᠵᠤ ᠪᠠᠢ᠌ᠭ᠎ᠠ ᠶᠢᠨ ᠰᠠᠨᠠᠭ᠎ᠠ᠃ ᠪᠠᠯᠡᠭ᠌ ᠢ ᠥᠭ᠍ᠴᠤ ᠠᠪᠬᠤ ᠳᠤ ᠪᠠᠨ ᠵᠠᠪᠠᠯ ᠵᠦᠪ ᠭᠠᠷ ᠶᠢᠡᠨ ᠪᠠᠯᠡᠭ᠌ ᠲᠤ ᠡᠭᠢᠯᠡᠨ ᠭᠦᠷᠭᠡᠵᠤ᠂ ᠰᠤᠯᠤᠭᠠᠢ ᠭᠠᠷ ᠶᠢᠡᠷ ᠶᠢᠡᠨ ᠡᠯᠪᠠᠨ ᠥᠭ᠍ᠳᠡᠭ᠌ ᠶᠤᠰᠤ ᠲᠡᠶ᠃

20᠂ ᠣᠭᠤᠴᠠ ᠰᠢᠭᠦᠰᠤᠨ ᠳᠤ ᠭᠦᠷᠭᠦ ᠶᠤᠰᠤ

ᠣᠭᠤᠴᠠ ᠭᠡᠳᠡᠭ᠌ ᠪᠣᠯ ᠵᠢᠷᠭᠤᠭᠠᠨ ᠬᠠᠪᠢᠷᠭ᠎ᠠ᠂ ᠣᠭᠤᠴᠠᠨ ᠤ ᠰᠡᠭᠦᠯ ᠤᠨ ᠬᠠᠮᠳᠤ ᠦᠷᠭᠦᠯᠵᠢᠯᠡᠵᠤ ᠪᠠᠢ᠌ᠭ᠎ᠠ ᠭᠡᠰᠡᠭ᠌ ᠤᠨ ᠨᠠᠷ᠎ᠠ᠂ ᠣᠭᠤᠴᠠᠨ ᠳᠡᠭᠡᠷ᠎ᠡ ᠪᠠᠨ ᠰᠡᠭᠡᠷ ᠪᠣᠶᠤ ᠡᠰᠡᠪᠠᠯ ᠭᠦᠵᠦᠭᠦᠤ᠂ ᠳᠠᠯᠤ᠂ ᠳᠦᠷᠪᠡᠨ ᠦᠨᠳᠦᠷ ᠬᠠᠪᠢᠷᠭ᠎ᠠ᠂ ᠬᠤᠩᠭ᠋ᠤᠳᠠᠢ ᠱᠠᠬᠠᠢ ᠳᠠᠭᠠᠭᠤᠯᠤᠨ ᠳᠠᠯᠪᠢᠳᠠᠭ᠃ ᠣᠭᠤᠴᠠ ᠶᠢ ᠭᠦᠮᠤᠨ ᠳᠤ ᠳᠠᠯᠪᠢᠬᠤ ᠳᠤ ᠪᠠᠨ  ᠪᠠᠷᠠᠭᠤᠨ ᠭᠠᠷ ᠲᠤ ᠨᠢ ᠳᠦᠷᠪᠡᠨ ᠦᠨᠳᠦᠷ ᠬᠠᠪᠢᠷᠭ᠎ᠠ ᠶᠢ ᠳᠠᠯᠪᠢᠬᠤ ᠪᠦᠭᠡᠳ ᠰᠡᠭᠡᠷ ᠤᠨ ᠨᠠᠷᠢᠨ ᠥᠵᠦᠭᠦᠷ᠂ ᠱᠠᠭᠠᠠᠳᠤ ᠶᠢᠨ ᠪᠣᠷᠪᠢ᠂ ᠳᠠᠯᠤ ᠶᠢᠨ ᠮᠠᠶᠠᠭ᠎ᠠ᠂ ᠬᠠᠪᠢᠷᠭ᠎ᠠ ᠶᠢᠨ ᠪᠣᠷ᠎ᠠ ᠳᠠᠯ᠎ᠠ ᠶᠢ ᠣᠭᠤᠴᠠᠨ ᠤ ᠬᠠᠷᠠᠴᠠᠭ᠎ᠠ ᠥᠭᠡᠳᠡ ᠬᠠᠷᠠᠭᠤᠯᠤᠨ ᠳᠠᠯᠪᠢᠨ᠎ᠠ᠃ ᠭᠡᠷᠪᠡ ᠰᠡᠭᠡᠷ ᠤᠨ ᠣᠷᠤᠨ ᠳᠤ ᠭᠦᠵᠦᠭᠦᠤ ᠳᠠᠯᠪᠢᠬᠤ ᠪᠣᠯ ᠠᠮᠠᠨ ᠭᠦᠵᠦᠭᠦᠤ ᠳᠠᠯ᠎ᠠ ᠶᠢ ᠬᠠᠷᠴᠠᠭ᠎ᠠ ᠣᠷᠤᠭᠤ ᠨᠢ ᠬᠠᠷᠠᠭᠤᠯᠤᠨ ᠳᠠᠯᠪᠢᠨ᠎ᠠ᠃ ᠬᠠᠷᠴᠠᠭ᠎ᠠ ᠶᠢ ᠵᠤᠴᠢᠨ ᠤ ᠵᠥᠭ᠌ ᠬᠠᠷᠠᠭᠤᠯᠤᠨ ᠳᠠᠯᠪᠢᠨ᠎ᠠ᠃ ᠣᠭᠤᠴᠠ ᠶᠢ ᠳᠡᠷᠢᠭᠦᠨ ᠵᠤᠴᠢᠨ ᠳᠤ ᠳᠠᠯᠪᠢᠨ᠎ᠠ᠃ ᠬᠠᠷᠢᠨ ᠣᠭᠤᠴᠠ ᠰᠢᠭᠦᠰᠤᠨ ᠳᠤ ᠶᠡᠭᠡ ᠶᠤᠰᠤᠨ ᠤ ᠣᠭᠤᠴᠠ᠂ ᠶᠠᠷᠤ ᠶᠢᠨ ᠣᠭᠤᠴᠠ ᠭᠡᠵᠤ ᠬᠤᠶᠠᠷ ᠢᠯᠭᠠᠪᠣᠷᠢ ᠪᠠᠢ᠌ᠳᠠᠭ᠃ ᠶᠡᠭᠡ ᠶᠤᠰᠤᠨ ᠤ ᠣᠭᠤᠴᠠ ᠭᠡᠳᠡᠭ᠌ ᠨᠢ ᠡᠮᠦᠨ᠎ᠡ ᠳᠤᠷᠠᠳᠤᠭᠰᠠᠨ ᠣᠭᠤᠴᠠᠨ ᠳᠡᠭᠡᠷ᠎ᠡ ᠬᠠᠮᠠᠷ᠂ ᠡᠪᠠᠷ ᠤᠨ ᠣᠭ᠂ ᠴᠢᠭᠢᠨ ᠤ ᠳᠡᠭᠡᠳᠤ ᠣᠭ ᠵᠡᠷᠭᠡ ᠳᠤ ᠦᠷᠤᠮ᠎ᠠ ᠪᠣᠶᠤ ᠰᠢᠷ᠎ᠠ ᠳᠤᠰᠤ ᠪᠠᠷ ᠴᠢᠮᠡᠭ᠍ᠰᠡᠨ ᠪᠢᠳᠡᠭᠦᠤ ᠳᠤᠯᠤᠭᠠᠢ᠂ ᠰᠢᠭᠢᠷ᠎ᠠ ᠶᠢᠨ ᠬᠠᠮᠳᠤ ᠨᠠᠮᠠᠵᠤ ᠳᠠᠯᠪᠢᠭᠰᠠᠨ ᠢ ᠭᠡᠯᠡᠨ᠎ᠡ᠃ ᠭᠡᠷᠪᠡ ᠳᠤᠯᠤᠭᠠᠢ ᠰᠢᠭᠢᠷ᠎ᠠ ᠳᠠᠯᠪᠢᠬᠤ ᠪᠣᠯ ᠳᠤᠯᠤᠭᠠᠢ ᠶᠢ ᠬᠤᠰᠢᠭᠤ᠂ ᠰᠢᠭᠢᠷ᠎ᠠ ᠶᠢ ᠰᠢᠯᠪᠢ ᠳᠠᠯ᠎ᠠ ᠪᠠᠷ ᠨᠢ ᠣᠭᠤᠴᠠᠨ ᠤ ᠬᠠᠷᠴᠠᠭ᠎ᠠ ᠳᠠᠯ᠎ᠠ ᠣᠷᠤᠭᠤ ᠬᠠᠷᠠᠭᠤᠯᠤᠨ ᠵᠡᠭᠦᠨ ᠭᠠᠷ ᠲᠤ ᠨᠢ ᠳᠤᠯᠤᠭᠠᠢ᠂ ᠪᠠᠷᠠᠭᠤᠨ ᠭᠠᠷ ᠲᠤ ᠨᠢ ᠰᠢᠭᠢᠷ᠎ᠠ ᠶᠢ ᠳᠠᠯᠪᠢᠳᠠᠭ᠃ ᠡᠨᠡ ᠶᠡᠭᠡ ᠶᠤᠰᠤᠨ ᠤ ᠣᠭᠤᠴᠠ ᠭᠡᠳᠡᠭ᠌ ᠪᠣᠯ ᠪᠦᠳᠤᠨ ᠰᠢᠭᠦᠰᠤ ᠶᠢ ᠣᠷᠤᠭᠤᠯᠵᠤ ᠪᠠᠢ᠌ᠭ᠎ᠠ ᠭᠡᠷᠡᠭ᠌ ᠪᠦᠭᠡᠳ ᠮᠠᠰᠢ ᠳᠡᠭᠡᠳᠦᠯᠡᠨ ᠥᠵᠡᠭ᠍ᠰᠡᠨ ᠣᠠᠴᠠᠭᠠᠢ ᠭᠦᠡᠳᠦᠳᠭᠡᠯ ᠳᠤ ᠭᠡᠷᠡᠭᠯᠡᠨ᠎ᠡ᠃

ᠣᠭᠤᠴᠠ ᠶᠢ ᠭᠦᠡᠳᠡᠭᠦ ᠳᠤ ᠵᠡᠭᠦᠨ ᠭᠠᠷ ᠶᠢᠡᠷ ᠶᠢᠡᠨ ᠬᠠᠷᠴᠠᠭ᠎ᠠ ᠡᠴᠡ ᠴᠡᠮᠴᠡᠭᠡᠷᠭᠡᠨ ᠲᠦᠰᠢᠨ ᠪᠠᠷᠢᠵᠤ᠂ ᠪᠠᠷᠠᠭᠤᠨ ᠭᠠᠷ ᠳᠠᠭᠢ ᠭᠢᠳᠤᠭ᠎ᠠ ᠪᠠᠷ ᠣᠭᠤᠴᠠ᠂ ᠰᠡᠭᠦᠯ ᠬᠤᠶᠠᠷ ᠤᠨ ᠠᠭᠤᠯᠵᠠᠷ ᠣᠷᠴᠢᠮ ᠳᠤ ᠭᠤᠤᠯ ᠳᠤ ᠨᠢ ᠨᠢᠭᠡ ᠳᠠᠷᠠᠭ᠎ᠠ ᠨᠢ ᠣᠯᠠᠨ ᠶᠠᠰᠤ ᠠᠭᠤᠯᠵᠠᠬᠤ ᠣᠷᠴᠢᠨ ᠡᠴᠡ ᠡᠭᠢᠯᠡᠨ ᠦᠪᠡᠷ ᠤᠨ ᠳᠠᠢ᠌ᠰᠢ ᠬᠠᠷᠴᠠᠭ᠎ᠠ ᠶᠢᠨ ᠬᠤᠶᠠᠷ ᠵᠢᠷᠤᠭ᠎ᠠ ᠳᠠᠭᠠᠤ ᠴᠤᠪᠣᠭᠤᠯᠤᠨ ᠭᠤᠷᠪᠠ ᠭᠤᠷᠪᠠ ᠡᠰᠭᠡᠨ᠎ᠡ᠃ ᠳᠡᠭᠦᠨ ᠤ ᠳᠠᠭᠠᠤ ᠰᠡᠭᠦᠯ ᠤᠨ ᠪᠦᠭ᠍ᠳᠦᠷᠢᠭᠡ ᠣᠷᠴᠢᠮ ᠤᠨ ᠬᠤᠶᠠᠷ ᠳᠤᠯᠢᠶ᠎ᠠ ᠡᠴᠡ ᠳᠤᠭᠤᠷᠢᠭ ᠭᠡᠯᠪᠠᠷᠢᠳᠡᠢ ᠬᠤᠶᠠᠷ ᠭᠡᠰᠡᠭ᠌ ᠥᠭᠡᠭᠦ ᠭᠦᠷᠦᠰᠦᠯᠡᠨ ᠬᠠᠯᠢᠮᠯᠠᠵᠤ ᠠᠪᠣᠨ᠎ᠠ᠃ ᠳᠠᠷᠠᠭ᠎ᠠ ᠨᠢ ᠬᠠᠷᠴᠠᠭ᠎ᠠ ᠳᠠᠯ᠎ᠠ ᠶᠢᠨ ᠢᠷᠮᠡᠭ᠌ ᠤᠨ ᠮᠢᠬ᠎ᠠ ᠥᠭᠡᠭᠦ ᠶᠢᠨ ᠨᠠᠢ᠌ᠯᠠᠯᠳᠠ ᠣᠷᠴᠢᠮ ᠤᠨ ᠬᠤᠶᠠᠷ ᠳᠠᠯ᠎ᠠ ᠡᠴᠡ ᠪᠢᠴᠢᠬᠠᠨ ᠬᠤᠶᠠᠷ ᠭᠡᠰᠡᠭ᠌ ᠬᠠᠯᠢᠮᠯᠠᠨ ᠠᠪᠴᠤ ᠳᠤᠯᠤᠭᠠᠢ ᠰᠡᠭᠦᠯ ᠡᠴᠡ ᠠᠪᠣᠭᠰᠠᠨ ᠬᠤᠶᠠᠷ ᠳᠡᠭᠡᠵᠢ ᠲᠡᠶ ᠨᠡᠢ᠌ᠯᠡᠭᠦᠯᠤᠨ ᠭᠠᠯ ᠭᠤᠯᠤᠮᠳᠠ ᠶᠢᠨ ᠬᠤᠪᠢ ᠭᠡᠵᠤ ᠳᠤᠰᠬᠠᠢ ᠳᠠᠯᠪᠢᠨ᠎ᠠ᠃

ᠣᠭᠤᠴᠠ ᠡᠢ᠌ᠨ ᠭᠦ ᠭᠦᠡᠳᠡᠵᠤ ᠭᠦᠢᠴᠡᠭ᠍ᠰᠡᠨ ᠤ ᠳᠠᠷᠠᠭ᠎ᠠ ᠣᠭᠤᠴᠠ ᠪᠠᠨ ᠳᠠᠯᠠᠯᠠᠨ᠎ᠠ᠃ ᠣᠭᠤᠴᠠᠨ ᠤ ᠬᠤᠶᠠᠷ ᠳᠠᠯ᠎ᠠ ᠡᠴᠡ ᠳᠠᠯᠠᠯᠠᠵᠤ ᠠᠪᠣᠭᠰᠠᠨ ᠶᠢᠡᠨ ᠭᠤᠷᠪᠠ ᠭᠤᠷᠪᠠ ᠬᠤᠪᠢᠶᠠᠵᠤ ᠨᠢᠭᠡ ᠶᠢ ᠨᠢ ᠭᠠᠯ ᠤᠨ ᠬᠤᠪᠢ ᠳᠡᠭᠡᠷ᠎ᠡ ᠨᠠᠮᠠᠨ᠎ᠠ᠃ ᠭᠤᠷᠪᠠ ᠶᠢ ᠨᠢ ᠳᠡᠭᠡᠵᠢ ᠪᠣᠯᠭᠠᠵᠤ ᠳᠤᠰᠬᠠᠢ ᠳᠠᠯᠪᠢᠨ᠎ᠠ᠂ ᠥᠯᠡᠳᠡᠭ᠍ᠰᠡᠨ ᠬᠤᠶᠠᠷ ᠢ ᠦᠪᠡᠷ ᠤᠨ ᠬᠤᠪᠢ ᠪᠣᠯᠭᠠᠵᠤ ᠥᠯᠡᠳᠡᠭᠡᠵᠤ ᠠᠮᠰᠠᠨ᠎ᠠ᠃ ᠳᠠᠷᠠᠭ᠎ᠠ ᠨᠢ ᠳᠦᠷᠦᠭᠦᠴᠢ ᠶᠢᠨ ᠠᠳᠠᠯᠢ ᠣᠭᠤᠴᠠᠨ ᠤ ᠪᠠᠨ ᠬᠤᠶᠠᠷ ᠳᠠᠯ᠎ᠠ ᠡᠴᠡ ᠨᠢᠵᠡᠭᠡᠳ ᠳᠠᠯᠠᠯᠠᠨ ᠠᠪᠴᠤ᠂ ᠳᠠᠷᠠ ᠭᠦ ᠭᠦᠡᠳᠦᠳᠭᠡᠨ ᠵᠤᠴᠢᠯᠠᠵᠤ ᠪᠠᠢ᠌ᠭ᠎ᠠ ᠡᠵᠡᠨ᠂ ᠳᠡᠭᠦᠨ ᠤ ᠳᠠᠷᠠᠭ᠎ᠠ ᠣᠷᠤᠬᠤ ᠭᠦᠮᠤᠨ ᠳᠤ ᠣᠭᠤᠴᠠᠨ ᠤ ᠳᠠᠯ᠎ᠠ ᠪᠣᠶᠤ ᠭᠡᠰᠢᠭ᠌ ᠭᠡᠮᠡᠨ ᠭᠡᠯᠡᠵᠤ ᠪᠦᠳᠤᠨ ᠪᠦᠳᠤᠨ ᠶᠢᠡᠷ ᠨᠢ ᠬᠤᠶᠠᠷ ᠭᠠᠷ ᠶᠢᠡᠷ ᠶᠢᠡᠨ ᠰᠤᠩᠭ᠋ᠠᠨ ᠪᠠᠷᠢᠵᠤ ᠬᠤᠪᠢᠯᠠᠨ ᠦᠭ‍ᠭᠦᠨ᠎ᠡ᠃ ᠳᠡᠭᠦᠨ ᠢ ᠠᠪᠴᠤ ᠪᠠᠢ᠌ᠭ᠎ᠠ ᠭᠦᠮᠤᠨ ᠮᠦᠨ ᠭᠠᠷ ᠶᠢᠡᠨ ᠰᠤᠩᠭ᠋ᠠᠨ ᠳᠤᠰᠴᠤ ᠠᠪᠣᠨ᠎ᠠ᠃ ᠢᠩᠭᠢᠭᠡᠳ ᠣᠭᠤᠴᠠᠨ ᠤ ᠪᠠᠨ ᠬᠤᠶᠠᠷ ᠳᠠᠯ᠎ᠠ ᠡᠴᠡ ᠡᠭᠡᠯᠵᠢᠯᠡᠨ ᠠᠳᠠᠯᠢ ᠳᠤᠭ᠎ᠠ ᠲᠡᠶ ᠳᠠᠯᠠᠯᠠᠵᠤ ᠠᠪᠣᠭᠠᠤᠨ ᠵᠢᠵᠢᠭ᠌ ᠭᠡᠰᠡᠭ᠌ ᠪᠣᠯᠭᠠᠨ ᠣᠭᠳᠤᠯᠵᠤ ᠳᠤᠰᠬᠠᠢ ᠳᠠᠪᠠᠭ ᠲᠤ ᠭᠢᠵᠤ᠂ ᠳᠠᠷᠠ ᠭᠦ ᠵᠤᠴᠢᠯᠠᠯ ᠳᠤ ᠣᠷᠤᠯᠴᠠᠵᠤ ᠪᠠᠢ᠌ᠭ᠎ᠠ ᠪᠦᠭᠦ ᠭᠦᠮᠦᠰ ᠲᠤ ᠭᠦᠷᠦᠯᠴᠡᠭᠦᠯᠤᠨ ᠠᠮᠰᠠᠭᠤᠯᠤᠨ᠎ᠠ᠃ ᠬᠠᠷᠢᠨ ᠣᠭᠤᠴᠠ ᠶᠢ ᠳᠠᠯᠠᠯᠠᠬᠤ ᠳᠤ ᠪᠠᠨ ᠬᠠᠷᠴᠠᠭ᠎ᠠ ᠶᠢᠨ ᠬᠤᠶᠠᠷ ᠬᠠᠵᠠᠭᠤ ᠶᠢᠨ ᠰᠠᠷᠳᠠᠩ ᠶᠠᠰᠤᠨ ᠡᠴᠡ ᠳᠤᠳᠤᠭᠰᠢ ᠣᠷᠤᠳᠠᠯ᠎ᠠ ᠳᠠᠯᠠᠯᠠᠬᠤ ᠶᠢ ᠴᠡᠭᠡᠷᠯᠡᠨ᠎ᠡ᠃

ᠬᠠᠷᠢᠨ ᠣᠭᠤᠴᠠᠨ ᠳᠤ ᠭᠠᠷ ᠭᠦᠷᠭᠦ ᠳᠤ ᠪᠠᠨ ᠭᠢᠳᠤᠭ᠎ᠠ ᠶᠢᠨ ᠢᠷ ᠢ ᠪᠠᠷᠠᠭᠤᠨ ᠳᠠᠯ᠎ᠠ ᠣᠷᠤᠭᠤ ᠬᠠᠷᠠᠭᠤᠯᠵᠤ ᠣᠭᠤᠴᠠᠨ ᠤ ᠪᠠᠷᠠᠭᠤᠨ ᠳᠠᠯ᠎ᠠ ᠡᠴᠡ ᠰᠢᠭᠤᠳ ᠳᠤᠷᠤᠭᠰᠢ ᠨᠢᠮᠭᠡᠪᠳᠦᠷ ᠭᠤᠷᠪᠠ ᠵᠥᠰᠦᠭᠡᠳ ᠳᠠᠯᠪᠢᠨ᠎ᠠ᠃ ᠳᠠᠷᠠᠭ᠎ᠠ ᠨᠢ ᠵᠡᠭᠦᠨ ᠳᠠᠯ᠎ᠠ ᠡᠴᠡ ᠨᠢ ᠭᠢᠳᠤᠭ᠎ᠠ ᠶᠢᠨ ᠢᠷ ᠢ ᠵᠡᠭᠦᠨ ᠳᠠᠢ᠌ᠰᠢ ᠬᠠᠷᠠᠭᠤᠯᠤᠨ ᠰᠢᠭᠤᠳ ᠳᠡᠭᠡᠭ᠍ᠰᠢ ᠭᠤᠷᠪᠠ ᠵᠦᠰᠤᠵᠤ ᠳᠠᠯᠪᠢᠭᠠᠤᠨ ᠵᠥᠰᠦᠭ᠍ᠰᠡᠨ ᠭᠡᠰᠡᠭ᠌ ᠶᠢᠡᠨ ᠬᠤᠪᠢᠶᠠᠵᠤ ᠠᠮᠰᠠᠳᠠᠭ᠂ ᠬᠠᠮᠳᠤ ᠪᠠᠢ᠌ᠭ᠎ᠠ ᠭᠦᠮᠦᠰ ᠲᠤ ᠪᠠᠨ ᠠᠮᠰᠠᠭᠤᠯᠳᠠᠭ ᠶᠤᠰᠤᠳᠠᠢ᠃


ᠵᠤᠬᠢᠶᠠᠭᠴᠢ᠄ ᠤᠶᠤᠨᠭᠡᠷᠡᠯ ᠡᠮᠭᠢᠦᠡᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7485
ᠴᠠᠭ᠄ 2010 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ