ᠨᠡᠪᠲᠡᠷᠡᠨ ᠤᠷᠤᠬᠤ
ᠬᠠᠳᠠᠭᠤ ᠡᠷᠡᠤ
ᠰᠢᠷᠤᠢ ᠮᠠᠯᠳᠠᠬᠤ ᠮᠠᠰᠢᠨ ᠢ ᠥᠵᠡᠭᠡᠳ ᠰᠡᠳᠭᠢᠭ᠍ᠳᠡᠭ᠍ᠰᠡᠨ ᠨᠢ

ᠠᠨᠠᠰᠢ ᠠᠳᠠᠯᠢ ᠣᠷᠳᠤ ᠭᠦᠵᠦᠭᠦᠤ ᠲᠡᠶ

ᠠᠳᠤᠭᠠᠷ ᠮᠠᠩᠭ᠋ᠤᠰ ᠰᠢᠭ ᠬᠤᠷᠴᠠ ᠰᠤᠶᠤᠭ᠎ᠠ ᠲᠡᠶ

ᠶᠠᠳᠠᠬᠤ ᠶᠢ ᠮᠡᠳᠡᠭᠦ ᠦᠭᠡᠶ ᠬᠠᠳᠠᠭᠤ ᠡᠷᠡᠤ ᠲᠡᠶ

ᠴᠠᠳᠬᠤ ᠶᠢ ᠮᠡᠳᠡᠭᠦ ᠦᠭᠡᠶ ᠦᠯᠦᠨ ᠬᠤᠳᠤᠭᠤᠳᠤ ᠲᠡᠶ


ᠦᠨᠳᠦᠷ ᠠᠭᠤᠯᠠᠰ ᠢ ᠴᠢᠯᠠᠭᠤ ᠮᠤᠳᠤ ᠲᠡᠶ ᠨᠢ

ᠡᠮᠭᠦᠵᠤ ᠠᠪᠣᠭᠠᠤᠨ ᠵᠠᠯᠭᠢᠵᠤ ᠣᠷᠤᠭᠤᠯᠳᠠᠭ

ᠦᠷᠭᠡᠨ ᠳᠠᠯ᠎ᠠ ᠶᠢ ᠡᠪᠠᠰᠤ ᠪᠠᠯᠴᠢᠭᠡᠷ ᠲᠡᠶ ᠨᠢ

ᠡᠷᠭᠢᠭᠦᠯᠵᠤ ᠠᠪᠣᠭᠠᠤᠨ ᠵᠠᠵᠢᠯᠠᠵᠤ ᠬᠠᠶᠠᠳᠠᠭ


ᠲ᠋ᠤᠪᠣ ᠳᠤᠯᠤᠭᠤᠳ ᠢ ᠦᠵᠡᠵᠤ ᠪᠠᠢ᠌ᠳᠠᠯ᠎ᠠ

ᠳᠤᠷᠤᠭᠰᠢ ᠪᠠᠨ ᠮᠠᠯᠳᠠᠭᠠᠤᠨ ᠨᠥᠭᠡᠯᠡᠵᠤ ᠳᠠᠯᠪᠢᠳᠠᠭ

ᠳᠤᠷᠭᠠᠨ ᠳᠠᠯ᠎ᠠ ᠶᠢ ᠬᠠᠷᠠᠵᠤ ᠪᠠᠢ᠌ᠳᠠᠯ᠎ᠠ

ᠳᠠᠮᠳᠤᠭ ᠪᠣᠯᠳᠠᠯ᠎ᠠ ᠣᠷᠠᠵᠤ ᠰᠡᠭ᠍ᠴᠢᠳᠡᠭ᠌


ᠬᠤᠳᠠ ᠭᠠᠵᠠᠷ ᠤᠨ ᠪᠠᠷᠢᠯᠭ᠎ᠠ ᠳᠤ ᠪᠣᠯ

ᠬᠤᠪᠣᠷ ᠴᠤᠬᠠᠭ ᠡᠳ᠋ ᠶᠤᠮ ᠪᠠᠢ᠌ᠨ᠎ᠠ

ᠬᠤᠷᠭᠤᠢ ᠨᠤᠭᠤᠭᠠᠨ ᠳᠠᠯ᠎ᠠ ᠳᠤ ᠮᠢᠨᠢ ᠪᠣᠯ

ᠬᠤᠭ ᠳᠤᠭᠤᠰᠤᠨ ᠤ ᠣᠭᠤᠳᠠ ᠶᠤᠮ ᠪᠠᠢ᠌ᠨ᠎ᠠ


ᠲ᠋ᠤᠮᠤ ᠬᠤᠳᠠ ᠶᠢᠨ ᠪᠠᠷᠢᠯᠭ᠎ᠠ ᠳᠤ ᠪᠣᠯ

ᠳᠤᠷᠪᠢ ᠭᠦᠴᠤᠨ ᠲᠡᠶ ᠡᠳ᠋ ᠭᠡᠵᠤ ᠮᠠᠳᠠ

ᠳᠤᠷᠭᠠᠨ ᠨᠤᠭᠤᠭᠠᠨ ᠳᠠᠯ᠎ᠠ ᠳᠤ ᠮᠢᠨᠢ ᠪᠣᠯ

ᠳᠤᠯᠤᠮ ᠳᠤ ᠴᠢᠭᠢᠭ᠍ᠰᠡᠨ ᠡᠯᠡᠰᠤ ᠭᠡᠵᠢ ᠮᠠᠳᠠ


ᠲ᠋ᠤᠷᠭᠤᠭᠤᠯᠢ ᠬᠤᠷᠢᠭᠤᠯ ᠦᠭᠡᠶ ᠡᠨᠡ ᠭᠠᠢ᠌ᠬᠠᠯ ᠳᠤ

ᠳᠤᠰᠤ ᠦᠭ‍ᠭᠦ ᠦᠭᠡᠶ ᠪᠣᠯ ᠶᠠᠭᠠᠭᠢᠳᠠᠭ ᠪᠣᠯ ᠳ᠋ᠠ ⁉

ᠳᠤᠯᠤᠭᠠᠢ ᠭᠤᠳᠣᠢ᠌ᠭᠠᠤᠨ ᠪᠦᠭᠦᠢᠳᠡᠭ᠌ ᠪᠠᠢ᠌ᠬ᠎ᠠ︕

ᠳᠤᠭᠤᠰᠤᠨ ᠳᠤ ᠳᠠᠷᠤᠭᠳᠠᠭᠠᠤᠨ ᠵᠢᠪᠠᠷᠡᠳᠡᠭ᠌ ᠪᠠᠢ᠌ᠬ᠎ᠠ︕


ᠬᠠᠳᠠᠭᠤ ᠡᠷᠡᠤ ᠨᠢ ᠰᠢᠳᠤ ᠲᠡᠶ ᠪᠠᠨ ᠬᠠᠮᠳᠤ

ᠬᠠᠷᠠᠯᠠᠵᠤ ᠵᠢᠪᠠᠷᠡᠭᠡᠳ ᠣᠨᠠᠬᠤ ᠪᠢᠵᠠ ᠳ᠋ᠠ ︕

ᠬᠠᠶᠠᠭᠳᠠᠯ ᠪᠣᠯᠵᠤ ᠡᠨᠡ ᠨᠤᠳᠤᠭ ᠡᠴᠡ

ᠬᠠᠷ᠎ᠠ ᠳᠠᠮᠤᠷ ᠶᠢᠡᠷ ᠬᠤᠳᠠᠯᠳᠤᠭᠳᠠᠬᠤ ᠪᠢᠵᠠ ᠳ᠋ᠠ︕



ᠵᠤᠬᠢᠶᠠᠭᠴᠢ ᠶᠢᠨ ᠬᠠᠶ‍ᠢᠭ ᠄ ᠪᠠᠭᠡᠵᠢᠩ ᠤᠨ ᠨᠠᠢ᠌ᠷᠠᠯᠳᠤ ᠨᠠᠢ᠌ᠷᠠᠮᠳᠠᠬᠤ ᠰᠦᠮ᠎ᠡ ᠶᠢᠨ 12 ᠨᠤᠮᠸᠷ

ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2887
ᠴᠠᠭ᠄ 2010 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ