ᠨᠡᠪᠲᠡᠷᠡᠨ ᠤᠷᠤᠬᠤ
ᠤᠰᠤᠨ ᠤ ᠴᠢᠮᠡᠭᠡ

ᠢᠯᠢᠮ ᠵᠢᠯᠢᠮᠭᠡᠨ ᠰᠦᠨᠢ ᠶᠢᠨ ᠭᠦᠨ ᠳ᠋ᠤ

ᠠᠨᠢᠪᠴᠢᠬᠤ ᠣᠳᠤᠨ ᠲᠡᠶ ᠪᠠᠨ ᠮᠥᠴᠡᠭᠡᠷᠭᠡᠨ

ᠳᠠᠷ᠎ᠠ ᠶᠢᠨ ᠳᠡᠷᠭᠡᠳᠡ ᠴᠢ

ᠠᠨᠢᠷ ᠦᠭᠡᠶ ᠳᠠᠯ᠎ᠠ ᠶᠢ ᠡᠪᠳᠡᠭ᠍ᠰᠡᠨ ᠶᠠᠯ᠎ᠠ ᠪᠣᠯᠵᠤ

ᠵᠡᠭᠦᠷᠮᠡᠭ᠍ᠳᠡᠭᠦ ᠨᠣᠢ᠌ᠷ ᠲᠤ ᠬᠤᠨᠤᠭᠰᠢᠨ᠎ᠠ᠃

ᠪᠠᠢ᠌ᠭᠠᠯᠢ ᠳᠡᠯᠡᠭᠡᠢ ᠶᠢᠨ ᠶᠢᠡᠨ ᠵᠢᠮ᠎ᠠ ᠶᠢ ᠳᠠᠭᠠᠵᠤ

ᠭᠠᠵᠠᠷ ᠣᠰᠤᠨ ᠳᠤ ᠪᠠᠨ ᠬᠠᠢ᠌ᠷ᠎ᠠ ᠪᠠᠨ ᠶᠡᠭᠦᠳᠭᠡᠵᠤ᠂

ᠰᠦᠮᠢ᠌ᠨ ᠰᠡᠭᠦᠢᠭᠦ ᠠᠭᠤᠯᠠᠰ ᠤᠨ ᠣᠷᠤᠢ ᠪᠠᠷ

ᠴᠢᠭᠢᠭ᠌ ᠤᠨ ᠣᠨᠢᠶᠠᠷ ᠶᠢᠡᠨ ᠥᠭ᠍ᠴᠤ᠂

ᠣᠰᠤᠨ ᠤ ᠡᠭᠡᠰᠢᠭ᠌ ᠶᠢᠡᠨ ᠭᠦᠭ᠍ᠵᠢᠮᠳᠡᠵᠤ᠂

ᠭᠡᠷ ᠤᠨ ᠳᠡᠷᠭᠡᠳᠡᠭᠦᠷ ᠨᠠᠮ ᠵᠢᠮ ᠢ ᠡᠪᠳᠡᠵᠤ

ᠠᠶᠠᠨ ᠤ ᠨᠡᠭᠦᠳᠡᠯ ᠶᠢᠡᠨ ᠦᠷᠭᠦᠯᠵᠢᠯᠡᠭᠦᠯᠤᠨ᠎ᠡ᠃

ᠱᠤᠤᠭᠢᠨ ᠱᠤᠤᠭᠢᠬᠤ ᠳᠠᠨ ᠤ ᠪᠠᠨ ᠴᠢᠮᠡᠭᠡ ᠪᠠᠷ

ᠴᠠᠩᠭ᠋᠎ᠠ ᠪᠠᠨ ᠳᠠᠢ᠌ᠯᠠᠬᠤ ᠠᠷᠢᠶᠠᠳᠠᠤᠨ ᠰᠦᠷᠦᠭᠯᠡᠨ

ᠳᠡᠷᠭᠡᠳᠡ ᠴᠢᠨᠢ ᠪᠠᠶᠠᠰᠴᠤ ᠮᠡᠯᠡᠭᠡᠢ ᠭᠤᠸᠭᠯᠠᠨ᠎ᠠ᠃

ᠳᠡᠷᠭᠡᠳᠡᠭᠦᠷ ᠥᠩᠭᠡᠷᠡᠭᠦ ᠠᠶᠠᠨ ᠤ ᠴᠤᠪᠣᠭ᠎ᠠ

ᠳᠤᠯᠭ᠎ᠠ ᠪᠠᠨ ᠳᠠᠳᠠᠨ ᠣᠴᠤᠭᠯᠠᠬᠤ ᠳ᠋ᠤ

ᠳᠠᠮᠢᠷ ᠢ ᠳᠠ ᠨᠥᠭᠦᠵᠤ

ᠨᠠᠷᠠ ᠲᠡᠶ ᠬᠠᠮᠳᠤ ᠵᠢᠷᠭᠠᠨ᠎ᠠ᠃

ᠨᠡᠭᠦᠳᠡᠯ ᠤᠨ ᠰᠢᠪᠠᠭᠤᠳ ᠭᠡᠯᠭᠢᠶ᠎ᠡ ᠳᠠᠰᠤᠷᠠᠬᠤ ᠳ᠋ᠤ

ᠣᠰᠤᠨ ᠤ ᠴᠢᠮᠡᠭᠡ ᠡᠴᠡ ᠳᠠᠭᠤᠨ ᠳᠠᠭᠤᠨ ᠶᠢᠡᠨ ᠠᠪᠣᠯᠴᠠᠵᠤ᠂

ᠬᠤᠷᠸ᠎ᠠ ᠡᠮᠵᠡᠭ᠍ᠭᠡᠨ ᠵᠢᠷᠭᠠᠨ᠎ᠠ᠃

ᠣᠷᠤᠰᠤᠨ ᠥᠩᠭᠡᠷᠡᠭᠦ ᠣᠰᠤᠨ ᠤ ᠠᠶᠠᠯᠠᠭᠤ

ᠵᠢᠷᠦᠭᠡ ᠰᠡᠳᠭᠢᠯ ᠤᠨ ᠳᠤᠯᠳᠤ᠃

ᠨᠥᠮᠵᠦᠭ᠍ᠭᠡᠨ ᠬᠠᠢ᠌ᠷ᠎ᠠ ᠶᠢᠨ ᠳᠠᠭᠤᠨ ᠤ

ᠠᠶᠠᠯᠠᠭᠤᠨ ᠴᠠᠭᠠᠨ ᠡᠭᠡᠰᠢᠭ᠌ ᠪᠢᠯᠠ᠃






ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠪᠠᠶᠠᠠ᠊ᠦ᠋ᠠᠳᠤᠷ ᠶᠡᠷᠦᠩᠭᠡᠢ ᠰᠤᠷᠭᠠᠭᠤᠯᠢ

ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12340
ᠴᠠᠭ᠄ 2011 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ