☆ ᠪᠠ᠊·ᠣᠤᠠᠬᠤᠠᠪᠠᠭᠠᠳᠤᠷ
ᠠᠯᠳᠠᠨ ᠣᠪᠣᠭ᠎ᠠ
(ᠳᠠᠭᠤᠨ ᠤ ᠥᠭᠡ)
ᠡᠷᠳᠡᠨᠢᠳᠤ ᠶᠡᠭᠡ ᠳᠡᠭ᠍ᠷᠢ ᠶᠢᠨ ᠣᠪᠢᠳᠠᠰ ᠤᠨ ᠭᠦᠷᠳᠤ ᠪᠠᠷ
ᠡᠰᠡᠨᠢᠯ ᠤᠨ ᠠᠷᠪᠠᠨ ᠪᠣᠶᠠᠨ ᠵᠢᠠᠨ ᠬᠤᠷᠣᠢ᠌ᠯᠠᠨ ᠬᠤᠷᠣᠢ᠌ᠯᠠᠭᠰᠠᠨ
ᠠᠷᠠᠤᠨ ᠲᠦᠮᠡᠨ ᠤ ᠠᠯᠠᠭᠠᠨ ᠳᠠᠭᠠᠨ ᠳᠤᠰᠤᠭᠰᠠᠨ ᠰᠢᠳᠦᠭᠡᠨ
ᠠᠮᠢᠨ ᠬᠠᠢ᠌ᠷ᠎ᠠ ᠶᠢᠨ ᠥᠮᠴᠢᠯᠡᠭᠦ ᠭᠠᠭᠴᠠᠬᠠᠨ ᠰᠠᠭᠢᠶ᠎ᠠ
ᠠᠷᠢᠭᠤᠨ ᠵᠢᠷᠦᠭᠡᠨ ᠤ ᠮᠥᠩᠭᠡ ᠶᠢᠨ ᠵᠦᠩᠨᠠᠯᠳᠤ
ᠠᠯᠳᠠᠨ ᠣᠪᠣᠭ᠎ᠠ ᠮᠢᠨᠤ ᠰᠡᠳᠭᠢᠯ ᠤᠨ ᠰᠢᠳᠦᠭᠡᠨ
ᠠᠭᠤᠯᠠ ᠳᠦᠰᠢᠭ᠍ᠰᠡᠨ ᠪᠣᠷᠤ ᠳᠤᠬᠤᠢ ᠨᠤᠳᠤᠭ ᠳᠤ
ᠷᠠᠰᠢᠶᠠᠨ ᠬᠤᠷ᠎ᠠ ᠶᠢᠨ ᠰᠢᠮ᠎ᠠ ᠶᠢ ᠬᠤᠷᠣᠢ᠌ᠯᠠᠨ ᠬᠤᠷᠣᠢ᠌ᠯᠠᠭᠰᠠᠨ
ᠬᠠᠷᠠᠴᠤ ᠲᠦᠮᠡᠨ ᠤ ᠠᠮᠢᠨ ᠳᠡᠵᠢᠭᠡᠯ ᠪᠠᠯᠴᠢᠭᠡᠷ ᠣᠰᠤ
ᠬᠠᠨ ᠳᠡᠭ᠍ᠷᠢ ᠶᠢᠨ ᠭᠡᠰᠢᠭ᠌ ᠢ ᠳᠡᠭᠡᠳᠦᠯᠡᠭᠦ ᠵᠠᠩᠭᠢᠶ᠎ᠠ
ᠠᠷᠢᠭᠤᠨ ᠵᠢᠷᠦᠭᠡᠨ ᠤ ᠮᠥᠩᠭᠡ ᠶᠢᠨ ᠵᠦᠩᠨᠠᠯᠳᠤ
ᠠᠯᠳᠠᠨ ᠣᠪᠣᠭ᠎ᠠ ᠮᠢᠨᠤ ᠰᠡᠳᠭᠢᠯ ᠤᠨ ᠰᠢᠳᠦᠭᠡᠨ
ᠡᠷᠳᠡᠨᠢᠳᠤ ᠶᠢᠰᠤᠨ ᠭᠦᠰᠡᠯ ᠤᠨ ᠳᠡᠵᠢᠭᠡᠯ ᠰᠢᠮ᠎ᠠ ᠪᠠᠷ
ᠡᠪ ᠨᠠᠢ᠌ᠷᠠᠯᠳᠤ ᠲᠦᠮᠡᠨ ᠤ ᠨᠢᠠᠠᠳᠠᠷᠠᠯ ᠢ ᠣᠶᠠᠰᠬᠠᠭᠰᠠᠨ
ᠡᠪᠦᠭᠡᠳ ᠡᠴᠡ ᠥᠪᠯᠡᠭᠦ ᠳᠠᠩᠰᠤᠭ ᠵᠢᠷᠭᠠᠯ ᠤᠨ ᠣᠷᠤᠨ
ᠥᠭᠯᠢᠭᠡᠴᠢ ᠲᠦᠮᠡᠨ ᠤ ᠰᠡᠳᠭᠢᠯ ᠭᠦᠰᠡᠯ ᠤᠨ ᠳᠠᠮᠢᠷ
ᠠᠷᠢᠭᠤᠨ ᠵᠢᠷᠦᠭᠡᠨ ᠤ ᠮᠥᠩᠭᠡ ᠶᠢᠨ ᠵᠦᠩᠨᠠᠯᠳᠤ
ᠠᠯᠳᠠᠨ ᠣᠪᠣᠭ᠎ᠠ ᠮᠢᠨᠤ ᠰᠡᠳᠭᠢᠯ ᠤᠨ ᠰᠢᠳᠦᠭᠡᠨ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2011 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ