ᠨᠡᠪᠲᠡᠷᠡᠨ ᠤᠷᠤᠬᠤ
ᠡᠨᠡᠷᠢᠯᠳᠤ ᠡᠵᠢ ᠮᠢᠨᠢ
᠊᠊᠊᠊᠊᠊᠊᠊᠊᠊᠊᠊᠊᠊᠊ ᠡᠭᠡᠴᠦᠦᠯ ᠤᠨ ᠪᠠᠶᠠᠷ ᠲᠤ ᠡᠷᠭᠦᠨ ᠳᠡᠪᠰᠢᠭᠦᠯᠪᠡ᠃

        

ᠠᠷᠪᠠᠨ ᠰᠠᠷ᠎ᠠ ᠪᠠᠷ ᠭᠡᠪᠠᠯᠢ ᠳᠡᠭᠡᠨ ᠪᠦᠪᠠᠢ᠌ᠯᠠᠵᠤ

ᠡᠩᠭᠦᠷᠡᠢ ᠮᠢᠨᠢ ᠭᠡᠵᠤ ᠡᠨᠡᠷᠢᠭ᠍ᠰᠡᠨ ᠡᠵᠢ ᠮᠢᠨᠢ᠂

ᠠᠮᠢᠠᠴᠢᠷᠬᠠᠨ ᠬᠠᠢ᠌ᠷ᠎ᠠ ᠪᠠᠷ ᠠᠶᠤᠤᠯᠢᠬᠠᠢ ᠳᠠᠭᠠᠨ ᠪᠦᠭᠡᠴᠡᠢ᠌ᠯᠡᠵᠤ

ᠦᠷ᠎ᠡ ᠮᠢᠨᠢ ᠭᠡᠵᠤ ᠥᠭᠦᠭᠡᠷᠳᠡᠭ᠍ᠰᠡᠨ ᠡᠵᠢ ᠮᠢᠨᠢ᠃

ᠨᠢᠷᠠᠢ ᠳᠠᠭᠤᠨ ᠶᠢᠡᠨ ᠬᠠᠩᠭᠢᠨᠠᠭᠤᠯᠵᠤ ᠬᠤᠷᠸ᠎ᠠ ᠳᠤ ᠮᠡᠡᠳᠦᠯᠡᠭᠦ ᠳ᠋ᠤ

ᠨᠢᠭᠦᠯᠡᠰᠦᠩᠭᠦᠢ ᠵᠢᠷᠦᠭᠡ ᠨᠢ ᠣᠶᠠᠷᠠᠵᠤ ᠪᠠᠶᠠᠷᠯᠠᠭᠰᠠᠨ ᠡᠵᠢ ᠮᠢᠨᠢ᠂

ᠨᠢᠯᠬᠠᠰᠠᠭ ᠢᠨᠢᠶᠠᠳᠤ ᠪᠠᠨ ᠰᠤᠨᠤᠷᠳᠠᠭᠤᠯᠵᠤ ᠶ‍ᠢᠷᠳᠢᠠᠴᠤ ᠳᠤ ᠵᠠᠶᠠᠭᠠᠬᠤ ᠳ᠋ᠤ

ᠨᠢᠩᠵᠢᠨ ᠰᠡᠳᠭᠢᠯ ᠨᠢ ᠢᠭ᠍ᠳᠦᠯᠵᠤ ᠮᠥᠰᠢᠶᠡᠭ᠍ᠰᠡᠨ ᠡᠵᠢ ᠮᠢᠨᠢ᠃

ᠬᠠᠢ᠌ᠷᠠᠳᠤ ᠦᠷ᠎ᠡ ᠮᠢᠨᠢ ᠦᠷᠭᠦᠭᠡ ᠭᠡᠷ ᠤᠨ ᠳᠦᠰᠢᠭ᠌ ᠭᠡᠵᠤ

ᠬᠠᠯᠠᠭᠤᠨ ᠰᠦ᠋ ᠪᠠᠷ ᠶᠢᠡᠨ ᠭᠦᠭᠦᠭᠦᠯᠵᠤ ᠥᠰᠭᠡᠭ᠍ᠰᠡᠨ ᠡᠵᠢ ᠮᠢᠨᠢ᠂

ᠬᠤᠩᠭ᠋ᠤᠷ ᠭᠦᠤ ᠮᠢᠨᠢ ᠣᠯᠤᠰ ᠣᠷᠤᠨ ᠤ ᠳᠤᠯᠭᠠᠭᠤᠷᠢ ᠭᠡᠵᠤ

ᠬᠠᠯᠭᠢᠮ᠎ᠠ ᠬᠠᠢ᠌ᠷ᠎ᠠ ᠪᠠᠷ ᠶᠢᠡᠨ ᠢᠪᠠᠭᠡᠵᠤ ᠳᠤᠷᠨᠢᠭᠤᠯᠤᠭᠰᠠᠨ ᠡᠵᠢ ᠮᠢᠨᠢ᠃

ᠰᠤᠶᠤᠯ ᠮᠡᠳᠡᠯᠭᠡ ᠰᠤᠷᠭᠠᠵᠤ ᠨᠢᠳᠤ ᠨᠡᠭᠡᠭᠡᠭ᠍ᠳᠡᠭᠦᠯᠦᠶ᠎ᠡ ᠭᠡᠵᠤ

ᠰᠤᠷᠭᠠᠭᠤᠯᠢ ᠳᠤ ᠭᠦᠷᠭᠡᠭ᠍ᠰᠡᠨ ᠡᠵᠢ ᠮᠢᠨᠢ᠂

ᠰᠢᠡᠵᠢᠯᠡᠭᠦ ᠳᠸᠭ᠍ᠨᠢᠭ᠌ ᠡᠵᠡᠮᠰᠢᠭᠦᠯᠵᠤ ᠣᠶᠤᠨ ᠢ ᠨᠢ ᠪᠢᠯᠢᠭ᠍ᠵᠢᠭᠦᠯᠦᠶ᠎ᠡ ᠭᠡᠵᠤ

ᠰᠤᠷᠬᠤ ᠳᠤ ᠭᠦᠭᠡᠭᠡᠴᠡᠯᠳᠦᠭᠦᠯᠦᠭ᠍ᠰᠡᠨ ᠡᠵᠢ ᠮᠢᠨᠢ᠃

ᠬᠤᠯᠠ ᠶᠠᠪᠣᠵᠤ ᠡᠷᠳᠡᠮ ᠮᠡᠷᠭᠡᠵᠢᠯ ᠬᠠᠢ᠌ᠬᠤ ᠳ᠋ᠤ

ᠬᠤᠨᠤᠭ ᠳᠤᠭᠠᠯᠠᠵᠤ ᠰᠠᠷᠠᠪᠴᠢᠯᠠᠨ ᠰᠠᠭᠤᠭᠰᠠᠨ ᠡᠵᠢ ᠮᠢᠨᠢ᠂

ᠰᠤᠷᠤᠯᠭ᠎ᠠ ᠳᠡᠭᠦᠰᠴᠤ ᠪᠦᠳᠦᠮᠵᠢ ᠰᠢᠯᠢᠳᠡᠭ᠌ ᠢᠷᠡᠭᠦ ᠳ᠋ᠤ

ᠬᠤᠨᠢᠶᠠᠰᠤ ᠠᠯᠳᠠᠷᠠᠵᠤ ᠮᠠᠩᠨᠠᠢ ᠳᠡᠨᠡᠢ᠌ᠭ᠍ᠰᠡᠨ ᠡᠵᠢ ᠮᠢᠨᠢ᠃

ᠠᠵᠢᠯ ᠳᠠᠭᠠᠨ ᠡ᠊ᠨᠳᠡᠭᠦᠤ ᠪᠢᠳᠡᠭᠡᠢ ᠭᠠᠷᠭᠠᠭᠠᠴᠢ ᠭᠡᠵᠤ

ᠠᠭᠢᠨ ᠳᠠᠭᠢᠨ ᠰᠠᠨᠠᠭᠤᠯᠳᠠᠭ ᠠᠭᠰᠢᠷᠠᠭ᠎ᠠ ᠡᠵᠢ ᠮᠢᠨᠢ᠂

ᠣᠢ᠌ᠯᠠᠰ ᠲᠡᠭᠡᠨ ᠣᠰᠤᠯ ᠪᠣᠤ ᠳᠠᠷᠢᠭᠠᠴᠢ ᠭᠡᠵᠤ

ᠡᠳᠦᠷ ᠪᠣᠯᠭᠠᠨ ᠵᠠᠭᠢᠳᠠᠭ ᠥᠳᠡᠯᠦᠭᠡ ᠡᠵᠢ ᠮᠢᠨᠢ᠃

ᠵᠠᠪ ᠭᠠᠷᠴᠤ ᠰᠡᠯᠡᠭᠦᠤ ᠪᠠᠷ ᠭᠡᠷ ᠲᠡᠭᠡᠨ ᠬᠠᠷᠢᠬᠤ ᠳ᠋ᠤ

ᠴᠠᠭᠯᠠᠰᠢ ᠦᠭᠡᠶ ᠪᠠᠶᠠᠷᠯᠠᠴᠢᠬᠠᠳᠠᠭ ᠪᠣᠭᠤᠷᠤᠯ ᠡᠵᠢ ᠮᠢᠨᠢ᠂

ᠴᠢᠯᠦᠭᠡ ᠣᠯᠵᠤ ᠶᠠᠭᠠᠷᠠᠤ ᠪᠠᠷ ᠡᠷᠦᠭᠡ ᠳᠡᠭᠡᠨ ᠣᠴᠢᠬᠤ ᠳ᠋ᠤ

ᠴᠢᠷᠠᠢ ᠳᠦᠭᠦᠷᠡᠩ ᠮᠥᠰᠢᠶᠡᠴᠢᠭᠡᠳᠡᠭ᠌ ᠵᠠᠭᠠᠯ ᠡᠵᠢ ᠮᠢᠨᠢ᠃

ᠭᠦᠭᠢᠭᠦᠯᠦᠯ ᠱᠠᠩᠨᠠᠯ ᠳᠤᠰᠤᠭᠰᠠᠨ ᠢ ᠰᠤᠨᠤᠰᠤᠭᠠᠤᠨ

ᠭᠦᠭ᠍ᠰᠡᠨ ᠭᠦᠭᠡᠷᠴᠤ ᠣᠮᠤᠭᠰᠢᠳᠠᠭ ᠭᠦᠭ᠍ᠰᠢᠷᠡᠭᠡ ᠡᠵᠢ ᠮᠢᠨᠢ᠂

ᠰᠢᠯᠢᠳᠡᠭ᠌ ᠵᠢᠱᠢᠶᠠᠴᠢ ᠪᠣᠯᠤᠭᠰᠠᠨ ᠢ ᠳᠤᠭᠤᠯᠤᠭᠠᠤᠨ

ᠰᠡᠳᠭᠢᠯ ᠥᠶ‍ᠦᠭ᠌ ᠶᠠᠪᠣᠳᠠᠭ ᠡᠨᠡᠷᠢᠯᠳᠤ ᠡᠵᠢ ᠮᠢᠨᠢ᠃

ᠪᠣᠳᠠᠩᠳᠤ ᠬᠤᠷᠸ᠎ᠠ ᠳᠤ ᠬᠠᠳᠠᠭᠤᠵᠢᠬᠤ ᠶᠢ ᠰᠤᠷᠭᠠᠭᠰᠠᠨ

ᠪᠣᠭᠳᠠ ᠡᠵᠢ ᠮᠢᠨᠢ ᠪᠣᠶᠠᠨ ᠶᠢᠡᠨ ᠡᠳ᠋ᠯᠡᠵᠤ ᠵᠢᠷᠭᠠᠭᠠᠷᠠᠢ︕

ᠳᠤᠤᠯᠢᠮ᠎ᠠ ᠶ‍ᠢᠷᠳᠢᠠᠴᠤ ᠳᠤ ᠳᠡᠰᠪᠦᠷᠢᠵᠢᠭᠦ ᠶᠢ ᠮᠡᠳᠡᠭᠦᠯᠦᠭ᠍ᠰᠡᠨ

ᠪᠣᠭᠤᠷᠤᠯ ᠡᠵᠢ ᠮᠢᠨᠢ ᠴᠠᠭ ᠤᠨ  ᠰᠠᠢ᠌ᠬᠠᠨ ᠳᠤ ᠵᠢᠷᠭᠠᠭᠠᠷᠠᠢ︕


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠠᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3784
ᠴᠠᠭ᠄ 2011 ᠤᠨ ᠤ 05 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ