ᠨᠡᠪᠲᠡᠷᠡᠨ ᠤᠷᠤᠬᠤ
ᠤᠰᠤᠨ ᠤ ᠤᠢ ᠰᠠᠨᠠᠮᠵᠢ

ᠪᠢ ᠳᠡᠭᠦᠨ ᠤ ᠪᠣᠳᠤᠯ ᠰᠠᠨᠠᠭ᠎ᠠ ᠶᠢ ᠮᠠᠳᠠᠮᠠᠷ ᠪᠠᠢ᠌ᠨ᠎ᠠ ︕ ᠪᠣᠷᠬᠠᠨ ᠤ ᠪᠣᠳᠤᠯ ᠰᠠᠨᠠᠭ᠎ᠠ ᠶᠢ ᠮᠡᠳᠡᠭᠦ ᠶᠢ ᠭᠦᠰᠡᠵᠤ ᠪᠠᠢ᠌ᠨ᠎ᠠ᠂ ᠪᠣᠷᠬᠠᠨ ᠡᠴᠡ ᠪᠢᠳᠠᠨ ᠢ ᠭᠡᠷᠭᠢᠨ ᠶᠠᠭᠠᠭᠢᠵᠤ ᠪᠦᠳᠦᠭᠡᠭ᠍ᠰᠡᠨ ᠢ᠂ ᠪᠠᠰᠠ ᠡᠨᠡ ᠳᠡᠯᠡᠭᠡᠢ ᠶᠠᠷᠳᠢᠠᠴᠤ ᠶᠢ ᠭᠡᠷᠭᠢᠨ ᠪᠦᠳᠦᠭᠡᠵᠤ ᠪᠣᠢ ᠪᠣᠯᠭᠠᠭᠰᠠᠨ ᠢ ᠣᠬᠠᠵᠤ ᠠᠰᠠᠭᠤᠮᠠᠷ ᠪᠠᠢ᠌ᠨ᠎ᠠ︕ ᠮᠡᠳᠡᠭᠡᠵᠢ ᠡᠨᠡ ᠳᠡᠯᠡᠭᠡᠢ ᠨᠡᠢ᠌ᠭᠡᠮ ᠳᠤ ᠣᠯᠠᠨ ᠣᠯᠠᠨ ᠱᠠᠰᠢᠨ ᠤ ᠪᠦᠯᠦᠭ᠌ ᠣᠷᠤᠰᠬᠠᠯ ᠪᠣᠢ᠂ ᠡᠭᠦᠨ ᠳᠤ ᠡᡁᠷᠢᠰᠲ᠋ᠦᠰ᠂ ᠪᠣᠳ᠋ᠳ᠋ᡁᠨ᠂ ᠮᠦᠰᠯᠢᠮ ᠵᠡᠷᠭᠡ ᠭᠤᠤᠯᠯᠠᠳᠠᠭ ᠴᠤ ᠶᠠᠩᠤ ᠪᠦᠷᠢ ᠶᠢᠨ ᠭᠡᠯᠪᠠᠷᠢ ᠵᠠᠭᠪᠣᠷ ᠶᠢᠨ ᠱᠠᠰᠢᠨ ᠰᠢᠳᠦᠭᠡᠨ ᠪᠠᠢ᠌ᠨ᠎ᠠ᠃ ᠡᠳᠡᠭᠡᠷ ᠱᠠᠰᠢᠨ ᠰᠢᠳᠦᠯᠭᠡ ᠶᠢᠨ ᠱᠠᠰᠢᠨ ᠤ ᠶᠤᠰᠤᠯᠠᠯ ᠠᠯᠢ ᠨᠢ ᠳᠠᠷᠠ ᠪᠦᠭᠦᠳᠡ ᠣᠰᠤ ᠲᠡᠶ ᠬᠤᠯᠪᠣᠭ᠎ᠠ ᠲᠡᠶ ᠪᠣᠯᠬᠤ ᠶᠢ ᠪᠢᠳᠠ ᠠᠩᠵᠠᠭᠠᠷᠠᠬᠤ ᠶᠤᠰᠤᠳᠠᠢ ᠃ ᠳᠤᠬᠠᠢ᠌ᠯᠠᠪᠠᠯ᠂ ᠪᠣᠷᠬᠠᠨ ᠱᠠᠰᠢᠨ ᠤ ᠷᠠᠰᠢᠶᠠᠨ ᠣᠰᠤ᠃ ᠪᠣᠷᠬᠠᠨ ᠤ ᠨᠤᠮᠯᠠᠯ ᠶᠤᠰᠤ ᠥᠢᠯᠡᠳᠭᠦ ᠳᠤ ᠠᠷᠢᠭᠤᠤᠠᠬᠠᠭᠰᠠᠨ ᠷᠠᠰᠢᠶᠠᠨ ᠣᠰᠤ ᠪᠠᠷ ᠨᠢᠭᠤᠷ ᠭᠠᠷ ᠶᠢᠡᠨ ᠣᠭᠢᠶᠠᠵᠤ᠂ ᠳᠤᠯᠤᠭᠠᠢ ᠪᠠᠨ ᠱᠠᠪᠰᠢᠵᠤ ᠶᠠᠮᠠᠷ ᠨᠢᠭᠡᠨ ᠵᠣᠢ᠌ᠯ ᠢ ᠭᠦᠰᠡᠨ ᠠᠷᠢᠭᠤᠤᠠᠬᠠᠯ ᠤᠨ ᠵᠤᠷᠢᠯᠭ᠎ᠠ ᠳᠤ ᠭᠦᠷᠳᠡᠭ᠌ ᠶᠤᠮ᠃ ᠡᡁᠷᠢᠰᠲ᠋ᠦᠰ ᠤᠨ ᠣᠬᠠᠭᠠᠨ ᠳᠤ ᠠᠷᠢᠭᠤᠨ ᠣᠰᠤ ᠪᠠᠷ ᠶᠤᠰᠤᠯᠠᠯ ᠣᠢ᠌ᠯᠠᠤᠠᠴᠤ ᠢᠳᠡᠭᠡᠭ᠍ᠴᠢ ᠪᠣᠯᠳᠠᠭ᠂ ᠮᠦᠨ ᠡᠨᠡ ᠠᠷᠢᠭᠤᠨ ᠣᠰᠤᠨ ᠳᠤ ᠡᠪᠠᠦᠡᠴᠢᠨ ᠡᠮᠭᠡᠭ᠌ ᠡᠮᠨᠡᠭᠦ ᠭᠦᠴᠤᠨ ᠴᠢᠳᠠᠯ ᠲᠡᠶ ᠭᠡᠵᠤ ᠥᠵᠡᠳᠡᠭ᠌ ᠪᠠᠢ᠌ᠨ᠎ᠠ᠃ ᠮᠦᠰᠯᠢᠮ ᠤᠨ ᠠᠷᠠᠪ ᠤᠨ ᠣᠷᠤᠨ ᠤᠳ ᠲᠤ ᠪᠦᠷ ᠴᠤ ᠢᠯᠡᠭᠦᠤ ᠠᠷᠢᠭᠤᠨ ᠮᠦᠷᠠᠨ ᠳᠤ ᠪᠠᠶ᠎ᠠ ᠪᠠᠨ ᠠᠷᠢᠭᠤᠤᠠᠬᠠᠵᠤ ᠳᠠᠭᠠᠤᠠᠬᠠᠨ ᠶᠤᠰᠤᠯᠠᠯ ᠨᠤᠮ ᠳᠤ ᠣᠷᠤᠯᠴᠠᠳᠠᠭ ᠪᠢᠯᠠ᠃ ᠡᠳᠡᠭᠡᠷ ᠨᠢ ᠪᠦᠭᠦ ᠰᠠᠳᠤᠪ ᠤᠨ ᠨᠢᠭᠡᠭᠡᠨ ᠵᠣᠢ᠌ᠯ ᠢ ᠬᠠᠷᠠᠭᠤᠯᠠᠨ᠎ᠠ᠃

ᠪᠢᠳᠠᠨ ᠤ ᠠᠮᠢᠳᠤᠷᠠᠨ ᠣᠷᠤᠰᠢᠵᠤ ᠪᠠᠢ᠌ᠭ᠎ᠠ ᠡᠨᠡᠭᠡᠨ ᠳᠡᠯᠡᠭᠡᠢ ᠶᠢᠨ ᠨᠠᠶᠠᠨ ᠬᠤᠪᠢ ᠨᠢ ᠣᠰᠤ ᠪᠠᠢ᠌ᠳᠠᠭ᠂ ᠳᠠᠷᠠ ᠪᠣᠤ ᠭᠡᠯᠡ ᠪᠢᠳᠠᠨ ᠭᠦᠮᠤᠨ ᠲᠦᠷᠦᠯᠭᠢᠳᠠᠨ ᠤ ᠬᠤᠪᠢ ᠪᠠᠶ᠎ᠠ ᠮᠠᠨᠢ ᠴᠤ ᠨᠠᠶᠠᠨ ᠬᠤᠪᠢ ᠨᠢ ᠣᠰᠤ ᠪᠠᠢ᠌ᠳᠠᠭ᠂ ᠵᠢᠷᠦᠭᠡ᠂ ᠠᠭᠤᠰᠭᠢ᠂ ᠳᠠᠷᠢᠭᠢ ᠭᠡᠤᠨ ᠪᠦᠭᠦᠳᠡ ᠣᠰᠤ ᠯᠠ ᠭᠤᠤᠯ ᠪᠦᠷᠢᠯᠳᠡᠭᠦᠨ ᠨᠢ ᠶᠤᠮ᠂ ᠳᠠᠷᠤᠢ ᠪᠢᠳᠠᠨ ᠤ ᠳᠤᠯᠤᠭᠠᠢ ᠳᠠᠷᠠ ᠴᠢᠭ᠌ ᠶᠢᠡᠷ ᠶᠢᠡᠨ ᠣᠰᠤ ᠪᠠᠷ ᠳᠦᠭᠦᠷᠦᠭ᠍ᠰᠡᠨ ᠶᠤᠮ ᠰᠢᠤ ᠳ᠋ᠠ᠃ ᠳᠠᠭᠠᠭᠤᠯᠡᠷ ᠪᠢᠳᠠᠨ ᠤ ᠦᠤᠭᠡ ᠳᠡᠦᠭᠡ ᠡᠴᠡ ᠠᠪᠬᠤᠭᠤᠯᠤᠭᠠᠤᠨ᠂ ᠪᠦᠭᠦᠢᠯᠡ ᠳᠡᠯᠡᠭᠡᠢ ᠬᠤᠷᠸ᠎ᠠ᠂ ᠠᠮᠢᠳᠤᠷᠠᠯ᠂ ᠠᠮᠢ ᠠᠬᠤᠢ᠂ ᠪᠠᠰᠠ ᠣᠷᠤᠰᠢᠯ᠂ ᠢᠷᠡᠭᠡᠳᠦᠢ ᠳᠠᠷᠠ ᠪᠦᠭᠦᠨ ᠣᠰᠤᠨ ᠡᠴᠡ ᠰᠠᠯᠤᠩᠭᠢ ᠪᠠᠢ᠌ᠳᠠᠭ ᠨᠢ ᠦᠭᠡᠶ ᠶᠤᠮ᠃ ᠪᠢᠳᠠ ᠣᠰᠤᠨ ᠡᠴᠡ ᠪᠦᠳᠦᠭ᠍ᠰᠡᠨ᠂ ᠳᠡᠯᠡᠭᠡᠢ ᠣᠰᠤᠨ ᠡᠴᠡ ᠪᠦᠳᠦᠭ᠍ᠰᠡᠨ᠂ ᠠᠮᠢ ᠣᠷᠤᠰᠢᠬᠤᠢ ᠣᠰᠤᠨ ᠡᠴᠡ ᠪᠦᠳᠦᠭ᠍ᠰᠡᠨ ᠭᠡᠭᠦ ᠳᠤ ᠢᠯᠡᠭᠦᠳᠡᠭᠦ ᠦᠭᠡᠶ᠃ ᠬᠠᠷᠢᠨ ᠨᠢᠭᠡᠨ ᠰᠤᠨᠢᠷᠬᠠᠯᠳᠠᠢ ᠵᠣᠢ᠌ᠯ ᠪᠠᠢ᠌ᠭ᠎ᠠ ᠨᠢ ᠄ ᠣᠰᠤᠨ ᠳᠤ ᠣᠢ ᠰᠠᠨᠠᠮᠵᠢ ᠭᠡᠵᠤ ᠪᠠᠢ᠌ᠳᠠᠭ ᠶᠤᠮ᠃

ᠣᠰᠤ ᠨᠢ ᠦᠪᠡᠷ ᠤᠨ ᠭᠡᠰᠡᠨ ᠣᠢ ᠰᠠᠨᠠᠮᠵᠢ ᠲᠡᠶ ᠪᠠᠢ᠌ᠵᠤ᠂ ᠶᠠᠮᠠᠷ ᠨᠢᠭᠡᠨ ᠮᠡᠳᠡᠭᠡ ᠴᠢᠮᠡᠭᠡ ᠶᠢ ᠭᠦᠯᠢᠶᠡᠵᠤ ᠠᠪᠳᠠᠭ ᠶᠤᠮ ᠪᠠᠢ᠌ᠨ᠎ᠠ᠃ ᠣᠷᠤᠰ ᠤᠨ ᠡᠷᠳᠡᠮᠳᠡᠳ ᠡᠴᠡ ᠣᠰᠤᠨ ᠳᠤ ᠶᠠᠩᠵᠤ ᠪᠦᠷᠢ ᠮᠠᠳᠠᠷᠠᠮᠵᠢ ᠤᠨ ᠨᠥᠯᠦᠭᠡᠯᠡᠯ ᠤᠨ ᠳᠤᠷᠰᠢᠯᠳᠠ ᠭᠢᠭ᠍ᠰᠡᠨ ᠪᠠᠢ᠌ᠳᠠᠭ᠃ ᠶᠠᠩᠵᠤ ᠪᠦᠷᠢ ᠶᠢᠨ ᠳᠠᠭᠤ ᠠᠪᠢᠶ᠎ᠠ ᠰᠤᠨᠤᠰᠬᠠᠵᠤ ᠣᠰᠤᠨ ᠤ ᠮᠤᠯᠸᠺᠦᠯ ᠤᠨ ᠬᠤᠪᠢᠷᠠᠯᠳᠠ ᠶᠢ ᠦᠵᠡᠵᠠᠢ᠂ ᠭᠤᠶᠤ ᠨᠠᠮᠠᠭᠤᠨ ᠰᠤᠩᠭ᠋ᠤᠳᠠᠭ ᠭᠦᠭ᠍ᠵᠢᠮ ᠨᠢ ᠣᠰᠤᠨ ᠤ ᠮᠤᠯᠸᠺᠦᠯ ᠢ ᠴᠡᠴᠡᠭ᠌ ᠰᠢᠭ᠌ ᠭᠡᠯᠪᠠᠷᠢ ᠲᠡᠶ ᠪᠣᠯᠭᠠᠳᠠᠭ ᠪᠣᠯ ᠷᠤᠺ ᠮᠠᠳᠤ ᠭᠦᠡᠳᠤ ᠴᠤᠭᠢᠯᠭ᠎ᠠ ᠪᠦᠭᠦᠢ ᠳᠠᠭᠤ ᠠᠪᠢᠶ᠎ᠠ ᠨᠢ ᠳᠡᠭᠦᠨ ᠤ ᠮᠤᠯᠸᠺᠦᠯ ᠢ ᠭᠡᠪ ᠤᠨ ᠪᠣᠰᠤ ᠡᠮᠭᠢ ᠵᠠᠮᠪᠠᠷᠠᠭ᠎ᠠ ᠦᠭᠡᠶ ᠪᠣᠯᠭᠠᠳᠠᠭ ᠪᠠᠢ᠌ᠨ᠎ᠠ᠂ 《ᠬᠠᠢ᠌ᠷ᠎ᠠ ᠲᠡᠶ ᠰᠢᠤ》 《ᠶᠠᠮᠠᠷ ᠰᠠᠢ᠌ᠬᠠᠨ ᠶᠤᠮ ᠪᠣᠢ》 《ᠢᠳᠡᠭᠡᠯ ᠨᠠᠢ᠌ᠳᠠᠪᠣᠷᠢ》 ᠁ ᠭᠡᠭᠦ ᠮᠠᠳᠤ ᠥᠭᠡᠳᠡᠷᠭᠡᠭ᠌ ᠢᠳᠠᠪᠭᠢᠳᠠᠢ ᠥᠭᠡ ᠨᠢ ᠣᠰᠤᠨ ᠤ ᠮᠤᠯᠸᠺᠦᠯ ᠢ ᠴᠡᠴᠡᠭ᠌ ᠰᠢᠭ᠌ ᠪᠠᠰᠠ ᠭᠤᠶᠤ ᠣᠰᠤᠨ ᠪᠣᠯᠤᠷ ᠴᠠᠭᠠᠷᠢᠭ ᠪᠣᠯᠭᠠᠳᠠᠭ ᠪᠠᠢ᠌ᠨ᠎ᠠ᠃ 《ᠳᠡᠨᠡᠭ᠌》 《ᠣᠢ ᠭᠤᠳᠤᠵᠤ ᠪᠠᠢ᠌ᠨ᠎ᠠ》 《XXXX》 ᠮᠠᠳᠤ ᠣᠷᠮ᠎ᠠ ᠬᠤᠭᠤᠷᠠᠭᠰᠠᠨ ᠥᠭᠡ ᠨᠢ ᠣᠰᠤ ᠶᠢ ᠮᠠᠭᠤ ᠪᠠᠷ ᠨᠥᠯᠦᠭᠡᠯᠡᠵᠤ ᠳᠡᠭᠦᠨ ᠤ ᠮᠤᠯᠸᠺᠦᠯ ᠢ ᠶᠠᠩᠵᠤ ᠪᠦᠷᠢ ᠶᠢᠨ ᠬᠠᠷ᠎ᠠ ᠥᠩᠭᠡ ᠲᠡᠶ ᠡᠮᠭᠢ ᠵᠠᠮᠪᠠᠷᠠᠭ᠎ᠠ ᠦᠭᠡᠶ ᠭᠡᠯᠪᠠᠷᠢ ᠳᠦᠷᠰᠦ ᠳᠤ ᠣᠷᠤᠭᠤᠯᠠᠳᠠᠭ᠃

ᠳᠤᠷᠰᠢᠯᠳᠠ ᠄ ᠭᠤᠷᠪᠠᠨ ᠰᠠᠪᠠᠨ ᠳᠤ ᠢᠵᠢᠯᠭᠡᠨ ᠭᠡᠮᠵᠢᠶᠡᠨ ᠤ ᠪᠣᠳᠠᠭ᠎ᠠ ᠭᠢᠵᠤ ᠳᠡᠭᠡᠷ᠎ᠡ ᠡᠴᠡ ᠨᠢ ᠠᠳᠠᠯᠢᠬᠠᠨ ᠭᠡᠮᠵᠢᠶᠡᠨ ᠤ ᠣᠰᠤ ᠭᠢᠵᠤ ᠳᠠᠯᠪᠢᠭᠠᠤᠨ ᠨᠢᠭᠡ ᠰᠠᠪᠠᠨ ᠳᠤᠨᠢ 《ᠴᠢ ᠰᠠᠢ᠌ᠬᠠᠨ ᠪᠠᠢ᠌ᠨ᠎ᠠ》 ᠭᠡᠵᠤ ᠨᠢᠭᠡ ᠰᠠᠪᠠᠨ ᠳ᠋ᠤᠨᠢ 《ᠴᠢ ᠳᠡᠨᠡᠭ᠌》 ᠭᠡᠵᠤ ᠨᠢᠭᠡ ᠰᠠᠪᠠᠨ ᠳ᠋ᠤᠨᠢ ᠶᠠᠭᠤ ᠴᠤ ᠭᠡᠯᠡᠭᠦ ᠦᠭᠡᠶ ᠰᠠᠷ᠎ᠠ ᠶᠢᠨ ᠬᠤᠭᠤᠴᠠᠭ᠎ᠠ ᠲᠡᠶ ᠪᠣᠯᠤᠭᠰᠠᠨ ᠬᠣᠢ᠌ᠨ᠎ᠠ 《ᠴᠢ ᠰᠠᠢ᠌ᠬᠠᠨ ᠪᠠᠢ᠌ᠨ᠎ᠠ》 ᠭᠡᠭ᠍ᠳᠡᠭ᠍ᠰᠡᠨ ᠰᠠᠪᠠ ᠲᠡᠶ ᠪᠣᠳᠠᠭ᠎ᠠ ᠳᠡᠯᠭᠡᠷᠡᠨ ᠭᠦᠭᠡᠷᠡᠵᠤ ᠴᠠᠢ᠌ᠭᠰᠠᠨ ᠪᠣᠯ᠂ 《ᠴᠢ ᠳᠡᠨᠡᠭ᠌》 ᠭᠡᠭ᠍ᠳᠡᠭ᠍ᠰᠡᠨ ᠰᠠᠪᠠ ᠲᠡᠶ ᠪᠣᠳᠠᠭ᠎ᠠ ᠥᠮᠡᠭᠡᠢ᠌ᠷᠡᠭ᠍ᠰᠡᠨ ᠬᠠᠷᠢᠨ ᠶᠠᠭᠤ ᠴᠤ ᠭᠡᠭ᠍ᠳᠡᠭᠡ ᠦᠭᠡᠶ ᠰᠠᠪᠠ ᠲᠡᠶ ᠪᠣᠳᠠᠭ᠎ᠠ ᠨᠢ ᠭᠦᠭ᠍ᠴᠦᠷᠡᠭ᠍ᠰᠡᠨ ᠪᠠᠢ᠌ᠳᠠᠭ ᠃ ᠡᠨᠡᠭᠦ ᠶᠠᠫᠣᠨ ᠡᠷᠳᠡᠮᠳᠡᠳ ᠤᠨ ᠳᠤᠷᠰᠢᠯᠳᠠ ᠡᠴᠡ ᠣᠰᠤ ᠨᠢ ᠶᠠᠮᠠᠷ ᠨᠢᠭᠡᠨ ᠣᠬᠠᠭᠠᠨ ᠮᠠᠳᠠᠷᠠᠮᠵᠢᠳᠠᠢ ᠪᠠᠢ᠌ᠵᠤ ᠮᠡᠳᠡᠭᠡ ᠮᠡᠳᠡᠭᠡᠯᠡᠯ ᠢ ᠭᠦᠯᠢᠶᠡᠵᠤ ᠠᠪᠳᠠᠭ ᠭᠡᠳᠡᠭ᠌ ᠢ ᠮᠠᠳᠠᠵᠤ ᠪᠣᠯᠤᠨ᠎ᠠ᠃ ᠮᠦᠨ ᠡᠨᠡᠭᠦ ᠭᠦᠯᠢᠶᠡᠵᠤ ᠠᠪᠣᠭᠰᠠᠨ ᠮᠡᠳᠡᠭᠡᠯᠡᠯ ᠶᠢᠡᠨ ᠶᠠᠮᠠᠷ ᠨᠢᠭᠡᠨ ᠭᠡᠯᠪᠠᠷᠢ ᠪᠠᠷ ᠢᠯᠡᠳᠭᠡᠨ ᠭᠠᠷᠭᠠᠳᠠᠭ ᠪᠠᠢ᠌ᠨ᠎ᠠ᠃ ᠡᠭᠦᠨ ᠡᠴᠡ ᠰᠠᠢ᠌ᠨ ᠰᠠᠢ᠌ᠬᠠᠨ ᠮᠡᠳᠡᠭᠡ ᠳᠤᠭᠢᠶ᠎ᠠ ᠶᠢ ᠭᠦᠯᠢᠶᠡᠵᠤ ᠠᠪᠣᠭᠰᠠᠨ ᠣᠰᠤ ᠨᠢ ᠭᠦᠮᠤᠨ ᠤ ᠪᠠᠶ᠎ᠠ ᠶᠢᠨ ᠢᠳᠠᠪᠭᠢᠵᠢᠯ ᠢ ᠥᠷᠨᠢᠭᠦᠯᠵᠤ ᠪᠠᠢ᠌ᠳᠠᠭ ᠪᠣᠯ ᠮᠠᠭᠤ ᠮᠡᠳᠡᠭᠡ ᠮᠡᠳᠡᠭᠡᠯᠡᠯ ᠰᠢᠩᠭᠡᠭ᠍ᠰᠡᠨ ᠣᠰᠤ ᠶᠢ ᠣᠤᠭᠤᠭᠰᠠᠨ ᠭᠦᠮᠤᠨ ᠨᠢ ᠪᠠᠢ᠌ᠩᠭ᠋ᠤ ᠶᠢᠨ ᠠᠭᠤᠷ ᠣᠴᠠᠭᠠᠷ ᠭᠦᠷᠴᠤ ᠪᠠᠢ᠌ᠳᠠᠭ ᠭᠡᠰᠡᠨ ᠨᠤᠳᠤᠯᠤᠯᠭ᠎ᠠ ᠭᠠᠷᠴᠠᠢ᠃ ᠳᠠᠷᠤᠢ ᠪᠦᠭᠦ ᠳᠡᠯᠡᠭᠡᠢ ᠶᠠᠷᠳᠢᠠᠴᠤ ᠶᠢᠨ ᠳᠠᠢ᠌ᠨ ᠳᠠᠵᠢᠨ᠂ ᠭᠠᠮᠰᠢᠭ ᠵᠢᠴᠢ ᠭᠦᠮᠦᠰ ᠤᠨ ᠠᠮᠢᠳᠤᠷᠠᠯ ᠤᠨ ᠬᠤᠷᠳᠤᠴᠠ ᠡᠴᠡ ᠡᠭᠦᠳᠦᠯᠳᠡᠢ ᠪᠦᠭᠦᠢᠯᠡ ᠳᠤᠷ᠎ᠠ ᠥᠭᠡᠢ᠌ᠴᠡᠯ᠂ ᠬᠠᠷᠢᠶᠠᠯ᠂ ᠶᠠᠩᠵᠤ ᠪᠦᠷᠢ ᠶᠢᠨ ᠮᠠᠭᠤ ᠴᠢᠮᠡᠭᠡ ᠮᠠᠳᠤ ᠨᠢ ᠳᠠᠯᠠᠢ ᠵᠢᠴᠢ ᠬᠤᠳᠠ ᠰᠠᠭᠤᠷᠢᠨ ᠳᠦᠪᠯᠡᠷᠡᠭ᠍ᠰᠡᠨ ᠭᠠᠵᠠᠷ ᠤᠨ ᠣᠰᠤᠨ ᠳᠤ ᠰᠢᠩᠭᠡᠨ ᠣᠯᠠᠮ ᠡᠴᠡ ᠭᠦᠮᠦᠰ ᠤᠨ ᠪᠠᠶ᠎ᠠ ᠰᠠᠤᠠᠭᠢᠯ ᠳᠤ ᠨᠥᠯᠦᠭᠡᠯᠡᠵᠤ ᠪᠣᠰᠤᠯᠭ᠎ᠠ ᠭᠦᠳᠡᠯᠭᠡᠭᠡᠨ᠂ ᠳᠠᠢ᠌ᠨ ᠳᠠᠵᠢᠨ᠂ ᠶᠠᠯ᠎ᠠ ᠭᠢᠳᠤᠯᠭ᠎ᠠ ᠪᠣᠯᠳᠠᠭ ᠪᠠᠢ᠌ᠨ᠎ᠠ᠃ ᠳᠠᠷᠤᠢ ᠭᠡᠰᠡᠭ᠌ ᠪᠦᠯᠦᠭ᠌ ᠭᠦᠮᠦᠰ ᠤᠨ ᠭᠦᠳᠡᠯᠦᠯ ᠪᠠᠷᠢᠯ ᠬᠠᠮᠳᠤ ᠶᠢᠨ ᠴᠤᠭᠴᠠ ᠨᠢ ᠨᠢᠭᠡᠨ ᠴᠢᠭ᠌ ᠲᠤ ᠵᠡᠷᠭᠡ ᠭᠦᠳᠡᠯᠳᠡᠭ᠌ ᠲᠤ ᠣᠷᠤᠰᠢᠨ᠎ᠠ᠃ ᠡᠭᠦᠨ ᠤ ᠵᠡᠷᠡᠭ᠍ᠴᠡᠭᠡ ᠳᠠᠯᠠᠢ ᠶᠢᠨ ᠣᠰᠤᠨ ᠡᠯ᠎ᠡ ᠮᠡᠳᠡᠭᠡ ᠶᠢ ᠭᠦᠯᠢᠶᠡᠨ ᠰᠢᠩᠭᠡᠭᠡᠵᠤ ᠠᠪᠣᠭᠰᠠᠨ ᠤ ᠣᠯᠠᠮ ᠡᠴᠡ ᠰᠢᠭᠤᠷᠭ᠎ᠠ ᠪᠣᠰᠬᠤ ᠳᠠᠪᠠᠯᠭᠠᠯᠠᠬᠤ ᠮᠠᠳᠤ ᠪᠠᠷ ᠭᠡᠯᠪᠠᠷᠢᠰᠢᠨ᠎ᠡ᠂ ᠬᠠᠷᠢᠨ ᠳᠠᠷᠠ ᠪᠦᠭᠦᠢ ᠴᠢᠮᠡᠭᠡᠨ ᠡᠴᠡ ᠬᠤᠯᠠ ᠳᠠᠰᠤᠷᠬᠠᠢ ᠪᠠᠢ᠌ᠬᠤ ᠬᠤᠴᠤᠷᠠᠩᠭ᠋ᠤᠢ ᠭᠦᠳᠡᠭᠡ ᠠᠭᠤᠯᠠᠷᠬᠠᠭ ᠭᠠᠵᠠᠷ ᠤᠨ ᠭᠦᠮᠦᠰ ᠶᠠᠮᠠᠷ ᠨᠢᠭᠡᠨ ᠬᠤᠳᠠ ᠰᠠᠭᠤᠷᠢᠨ ᠢ ᠭᠦᠰᠡᠭᠦ ᠦᠭᠡᠶ ᠥᠭᠡᠷᠡᠴᠢᠯᠡᠭᠦ ᠶᠢ ᠭᠦᠰᠡᠭᠦ ᠦᠭᠡᠶ ᠪᠠᠢ᠌ᠬᠤ ᠨᠢ ᠳᠠᠳᠠ ᠪᠠᠶᠠᠷ ᠪᠠᠶᠠᠰᠤᠯ ᠲᠡᠶ ᠵᠢᠷᠭᠠᠯ ᠲᠡᠶ ᠪᠠᠢ᠌ᠳᠠᠭ ᠲᠤ ᠣᠷᠤᠰᠢᠨ᠎ᠠ᠂ ᠳᠠᠷᠤᠢ ᠳᠤᠰ ᠨᠤᠳᠤᠭ ᠤᠨ ᠣᠰᠤᠨ ᠠᠷᠢᠭᠤᠨ ᠪᠠᠢ᠌ᠬᠤ ᠳᠤ ᠣᠷᠤᠰᠢᠨ᠎ᠠ᠃ ᠪᠢᠳᠠᠨ ᠤ ᠪᠠᠶᠠᠨ ᠳᠤ ᠳᠦᠷᠦᠭ᠍ᠰᠡᠨ ᠨᠤᠳᠤᠭ ᠤᠨ ᠮᠢᠨᠢ ᠣᠰᠤ ᠨᠠᠰᠤ ᠪᠠᠷ ᠨᠥᠯᠦᠭᠡᠯᠡᠨ᠎ᠡ᠂ ᠪᠢᠳᠠ ᠨᠤᠳᠤᠭ ᠶᠢᠡᠨ ᠰᠠᠨᠠᠵᠤ ᠡᠷᠢᠵᠤ ᠪᠠᠢ᠌ᠬᠤ ᠨᠢ ᠪᠢᠳᠠᠨ ᠤ ᠪᠠᠶᠠᠨ ᠳᠠᠭᠢ ᠨᠤᠳᠤᠭ ᠤᠨ ᠣᠰᠤᠨ ᠡᠴᠡ ᠠᠯᠤᠰ ᠮᠠᠳᠠᠷᠠᠮᠵᠢ ᠪᠠᠷ ᠳᠠᠷᠠ ᠨᠤᠳᠤᠭ ᠢ ᠰᠠᠷᠠᠵᠤ ᠮᠠᠳᠠᠷᠠᠵᠤ ᠪᠠᠢ᠌ᠬᠤ ᠲᠡᠶ ᠬᠤᠯᠪᠣᠭᠠᠳᠠᠢ᠃ ᠨᠢᠭᠡ ᠨᠤᠳᠤᠭ ᠤᠨ ᠭᠦᠮᠦᠰ ᠤᠨ ᠵᠠᠩ ᠠᠷᠠᠠᠰᠢᠨ ᠠᠳᠠᠯᠢ ᠪᠠᠢ᠌ᠳᠠᠭ ᠨᠢ ᠡᠨᠡ ᠭᠦᠮᠦᠰ ᠨᠢᠭᠡᠨ ᠠᠳᠠᠯᠢ ᠣᠢ ᠰᠠᠨᠠᠮᠵᠢ ᠪᠦᠭᠦᠢ ᠮᠡᠳᠡᠭᠡ ᠮᠡᠳᠡᠭᠡᠯᠡᠯ ᠲᠡᠶ ᠣᠰᠤ ᠶᠢ ᠭᠡᠷᠡᠭᠯᠡᠭ᠍ᠰᠡᠨ ᠡᠴᠡ ᠪᠣᠯᠳᠠᠭ᠃ ᠣᠰᠤ ᠨᠢ ᠡᠳᠡᠭᠡᠷ ᠠᠪᠣᠭᠰᠠᠨ ᠮᠡᠳᠡᠭᠡ ᠪᠠᠨ ᠭᠦᠯᠳᠡᠭᠦ ᠠᠭᠤᠷᠢᠰᠢᠬᠤ ᠶᠠᠪᠣᠴᠠ ᠳᠠᠭᠠᠨ ᠴᠠᠪᠠᠷᠯᠠᠵᠤ ᠪᠠᠢ᠌ᠳᠠᠭ ᠪᠠᠢ᠌ᠨ᠎ᠠ᠃

ᠪᠢᠳᠠ ᠣᠪᠣᠭᠠᠨ ᠨᠠᠢ᠌ᠷ ᠭᠢᠵᠤ ᠪᠣᠷᠤᠭ᠎ᠠ ᠣᠰᠤ ᠭᠦᠰᠡᠵᠤ ᠪᠠᠢ᠌ᠬᠤ ᠳᠤ ᠪᠣᠷᠤᠭ᠎ᠠ ᠣᠷᠤᠳᠠᠭ᠂ ᠪᠠᠰᠠ ᠪᠣᠷᠤᠭ᠎ᠠ ᠭᠤᠶᠤᠬᠤ ᠪᠠᠷ ᠪᠣᠷᠤᠭ᠎ᠠ ᠣᠷᠤᠳᠠᠭ ᠨᠢ ᠣᠰᠤ ᠪᠢᠳᠠᠨ ᠤ ᠭᠦᠰᠡᠯ ᠰᠠᠨᠠᠭ᠎ᠠ ᠶᠢ ᠭᠦᠯᠢᠶᠡᠵᠤ ᠠᠪᠣᠭᠰᠠᠨ ᠲᠡᠶ ᠬᠤᠯᠪᠣᠭ᠎ᠠ ᠲᠡᠶ᠂ ᠡᠨᠡ ᠨᠢ ᠶᠠᠮᠠᠷ ᠨᠢᠭᠡᠨ ᠮᠤᠬᠤᠷ ᠰᠥᠵᠦᠭ᠌ ᠳᠠᠮᠠᠢ ᠪᠠᠯᠠᠢ ᠶᠠᠭᠤᠮ᠎ᠠ ᠪᠢᠰᠢ ᠬᠠᠷᠢᠨ ᠰᠢᠡᠵᠢᠯᠡᠭᠦ ᠮᠡᠷᠭᠡᠵᠢᠯ ᠤᠨ ᠣᠬᠠᠭᠠᠨ ᠶᠢᠡᠷ ᠨᠤᠳᠠᠯᠠᠭᠳᠠᠭᠰᠠᠨ ᠵᠣᠢ᠌ᠯ ᠪᠣᠯᠬᠤ ᠶᠤᠮ᠃ ᠣᠰᠤᠨ ᠤ ᠣᠢ ᠰᠠᠨᠠᠮᠵᠢ ᠭᠡᠮᠡᠭᠦ ᠰᠢᠠᠵᠢᠯᠠᠯ ᠨᠢ ᠣᠢ᠌ᠷ᠎ᠠ ᠶᠢᠨ ᠵᠢᠯ ᠡᠴᠡ ᠨᠢᠭᠡᠨ ᠰᠢᠨᠡᠭᠡᠨ ᠰᠢᠡᠵᠢᠯᠡᠭᠦ ᠮᠡᠷᠭᠡᠵᠢᠯ ᠤᠨ ᠲᠦᠷᠦᠯ ᠪᠣᠯᠵᠤ ᠭᠦᠭ᠍ᠵᠢᠵᠤ ᠪᠣᠢ ᠶᠤᠮ ᠡ᠃

ᠪᠢ ᠳᠡᠭᠦᠨ ᠤ ᠪᠣᠳᠤᠯ ᠰᠠᠨᠠᠭ᠎ᠠ ᠶᠢ ᠮᠠᠳᠠᠮᠠᠷ ᠪᠠᠢ᠌ᠨ᠎ᠠ ︕ ᠪᠣᠷᠬᠠᠨ ᠤ ᠪᠣᠳᠤᠯ ᠰᠠᠨᠠᠭ᠎ᠠ ᠶᠢ ᠪᠠᠰᠠ ᠣᠰᠤᠨ ᠤ ᠪᠣᠳᠤᠯ ᠰᠠᠨᠠᠭ᠎ᠠ ᠶᠢ ᠮᠡᠳᠡᠭᠦ ᠶᠢ ᠭᠦᠰᠡᠵᠤ ᠪᠠᠢ᠌ᠨ᠎ᠠ᠂ ᠶᠠᠮᠠᠷ ᠨᠢᠭᠡᠨ ᠶᠠᠭᠤᠮ᠎ᠠ ᠪᠢᠳᠠᠨ ᠢ ᠪᠦᠳᠦᠭᠡᠭ᠍ᠰᠡᠨ ᠨᠢ ᠦᠨᠡᠨ᠂ ᠡᠨᠡ ᠶᠠᠭᠤᠮ᠎ᠠ ᠶᠢ ᠪᠢᠳᠠ ᠪᠣᠷᠬᠠᠨ ᠭᠡᠶ᠎ᠡ᠂ ᠭᠡᠭᠦ ᠳᠤ ᠡᠨᠡ ᠪᠣᠷᠬᠠᠨ ᠢ ᠯᠠᠪ ᠣᠰᠤ ᠪᠦᠳᠦᠭᠡᠭ᠍ᠰᠡᠨ ᠭᠡᠳᠡᠭ᠌ ᠲᠤ ᠪᠢ ᠡᠷᠡᠭᠡᠯᠵᠡᠭᠦ ᠦᠭᠡᠶ᠂ ᠣᠴᠢᠷ ᠨᠢ ᠪᠢᠳᠠᠨ ᠤ ᠠᠮᠢᠳᠤᠷᠠᠯ ᠠᠬᠤᠢ ᠳᠤ ᠣᠰᠤ ᠨᠢ 《ᠪᠣᠷᠬᠠᠨ》 ᠡᠴᠡ ᠪᠦᠷ ᠢᠯᠡᠭᠦᠤ ᠣᠤᠠᠬ᠎ᠠ ᠣᠴᠢᠷ ᠲᠡᠶ ᠪᠠᠢ᠌ᠳᠠᠭ ᠰᠢᠤ ᠳ᠋ᠠ᠃ ᠣᠤᠭᠤᠬᠤ ᠭᠡᠵᠤ ᠪᠠᠢ᠌ᠭ᠎ᠠ ᠰᠢᠯ ᠲᠡᠶ ᠣᠰᠤᠨ ᠳᠠᠭᠠᠨ 《ᠪᠠᠶᠠᠷᠯᠠᠭᠰᠠᠨ ᠰᠢᠤ》 《ᠬᠠᠢ᠌ᠷᠠᠳᠠᠢ ᠰᠢᠤ》 ᠭᠡᠵᠤ ᠭᠡᠯᠡᠭᠦ ᠨᠢ ᠳᠡᠭᠦᠨ ᠤ ᠮᠤᠯᠸᠺᠦᠯ ᠢ ᠰᠠᠢ᠌ᠨ ᠶᠢᠡᠷ ᠨᠥᠯᠦᠭᠡᠯᠡᠵᠤ ᠣᠤᠭᠤᠭᠰᠠᠨ ᠤ ᠣᠯᠠᠮ ᠡᠴᠡ ᠰᠠᠤᠠᠭᠢᠯ ᠤᠨ ᠪᠠᠰᠠ ᠪᠠᠶ᠎ᠠ ᠶᠢᠨ ᠰᠠᠢ᠌ᠨ ᠰᠠᠢ᠌ᠬᠠᠨ ᠢ ᠠᠪᠴᠢᠷᠠᠬᠤ ᠪᠣᠯᠤᠨ᠎ᠠ᠃ ᠰᠠᠢ᠌ᠨ ᠰᠠᠢ᠌ᠬᠠᠨ ᠥᠭᠡᠳᠡᠷᠡᠭ᠌ ᠪᠣᠳᠤᠯ ᠰᠠᠨᠠᠭ᠎ᠠ ᠲᠡᠶ ᠪᠠᠢ᠌ᠬᠤ ᠨᠢ ᠭᠦᠮᠤᠨ ᠪᠦᠭᠦᠨ ᠳᠤ ᠴᠢᠬᠤᠯᠠ᠂ ᠣᠰᠤ ᠶᠢ ᠠᠮᠢᠳᠤ ᠣᠢ ᠣᠬᠠᠭᠠᠨ ᠲᠡᠶ ᠭᠡᠵᠤ ᠵᠦᠪ ᠪᠠᠷ ᠬᠠᠷᠢᠴᠠᠵᠤ ᠶᠠᠪᠣᠬᠤ ᠳᠤ ᠪᠢᠳᠠᠨ ᠤ ᠠᠮᠢᠳᠤᠷᠠᠯ ᠳᠤ ᠢᠯᠡᠭᠦᠤ ᠶᠡᠭᠡ ᠣᠤᠠᠬ᠎ᠠ ᠠᠭᠤᠯᠭ᠎ᠠ ᠠᠪᠴᠢᠷᠠᠬᠤ ᠶᠢ ᠥᠭᠡᠢ᠌ᠰᠭᠡᠭᠦ ᠦᠭᠡᠶ᠃

ᠵᠤᠬᠢᠶᠠᠭᠴᠢ ᠶᠢᠨ ᠬᠠᠶ‍ᠢᠭ ᠄ ᠭᠦᠯᠤᠨ ᠪᠣᠢ᠌ᠷ


ᠵᠤᠬᠢᠶᠠᠭᠴᠢ᠄ ᠬᠠᠷᠠᠨᠤᠳ ᠲᠦᠷᠦ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 5187
ᠴᠠᠭ᠄ 2011 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ