☆ ᠶᠢᠨ ᠯᠦᠩ
ᠨᠠᠮ᠎ᠠ ᠶᠢ ᠳᠤᠷᠠᠰ ᠡ
ᠬᠠᠷᠭᠢᠶᠠᠳᠤᠨ ᠳᠤᠨᠢᠶᠠᠷᠠᠭᠰᠠᠨ
ᠰᠠᠢ᠌ᠪᠣᠷ ᠤᠨ ᠣᠰᠤ ᠮᠢᠨᠢ
ᠪᠣᠯᠠᠩᠭᠢᠷ ᠦᠭᠡᠶ
ᠬᠠᠨᠢᠰᠤᠨ ᠪᠠᠶᠠᠰᠤᠭᠰᠠᠨ
ᠵᠢᠷᠦᠭᠡᠨ ᠤ ᠳᠠᠯ᠎ᠠ ᠮᠢᠨᠢ
ᠰᠡᠭᠦᠳᠡᠷ ᠦᠭᠡᠶ
ᠨᠣᠢ᠌ᠳᠠᠨ ᠣᠷᠤᠮ ᠲᠡᠶ
ᠨᠡᠭᠦᠳᠡᠯ ᠤᠨ ᠮᠦᠷ ᠮᠢᠨᠢ
ᠰᠢᠩᠭᠡᠷᠡᠭᠡ ᠦᠭᠡᠶ
ᠨᠠᠢ᠌ᠷ ᠤᠨ ᠳᠠᠭᠤᠤ ᠲᠡᠶ
ᠰᠡᠳᠭᠢᠯ ᠤᠨ ᠮᠦᠷ ᠮᠢᠨᠢ
ᠵᠠᠩᠭᠢᠷᠠᠭ᠎ᠠ ᠦᠭᠡᠶ
ᠡᠯᠢᠭᠡᠨ ᠳᠠᠯ᠎ᠠ ᠳᠠᠭᠠᠨ
ᠨᠢᠭᠤᠵᠤ ᠣᠭᠢᠯᠠᠭᠰᠠᠨ
ᠰᠡᠳᠭᠢᠯ ᠢ ᠮᠢᠨᠢ ᠪᠣᠳᠤᠪᠠᠯ
ᠡᠷᠭᠢᠵᠤ ᠪᠣᠴᠠᠬᠤ ᠦᠭᠡᠶ
ᠵᠠᠶᠠᠭᠠᠨ ᠳᠤ ᠮᠢᠨᠢ ᠣᠶᠠᠰᠤᠭᠠᠤᠨ
ᠨᠠᠮ᠎ᠠ ᠶᠢ ᠳᠤᠷᠠᠰ ᠡ ︕
ᠲ᠋ᠠᠩᠨᠠᠢ ᠳᠠᠭᠰᠢᠭᠤᠯᠤᠭᠰᠠᠨ
ᠳᠠᠯ᠎ᠠ ᠶᠢᠨ ᠴᠡᠴᠡᠭ᠌ ᠮᠢᠨᠢ
᠊ᠭ᠍ᠬᠢᠷ ᠦᠭᠡᠶ
ᠳᠠᠭᠠᠯᠠᠨ ᠥᠶᠡᠷᠭᠡᠭ᠍ᠰᠡᠨ
ᠳᠠᠪᠢᠯᠠᠩ ᠵᠠᠶᠠᠭ᠎ᠠ ᠮᠢᠨᠢ
ᠬᠠᠵᠠᠭᠠᠢ ᠦᠭᠡᠶ
ᠰᠠᠯᠬᠤ ᠳ᠋ᠭᠠᠨ ᠣᠩᠰᠢᠭᠰᠠᠨ
ᠰᠢᠯᠦᠭ᠌ ᠤᠨ ᠮᠦᠷ ᠮᠢᠨᠢ
ᠳᠠᠰᠤᠷᠠᠭ᠎ᠠ ᠦᠭᠡᠶ
ᠰᠠᠨᠠᠬᠤ ᠳᠠᠭᠠᠨ ᠢᠪᠢᠯᠦᠭ᠍ᠰᠡᠨ
ᠬᠠᠢ᠌ᠷ᠎ᠠ ᠶᠢᠨ ᠡᠭᠡᠰᠢᠭ᠌ ᠮᠢᠨᠢ
ᠵᠠᠪᠰᠠᠷᠯᠠᠭ᠎ᠠ ᠥᠭᠡᠢ
ᠡᠯᠢᠭᠡᠨ ᠳᠠᠯ᠎ᠠ ᠳᠠᠭᠠᠨ
ᠨᠢᠭᠤᠵᠤ ᠣᠭᠢᠯᠠᠭᠰᠠᠨ
ᠰᠡᠳᠭᠢᠯ ᠢ ᠮᠢᠨᠢ ᠪᠣᠳᠤᠪᠠᠯ
ᠡᠷᠭᠢᠵᠤ ᠪᠣᠴᠠᠬᠤ ᠦᠭᠡᠶ
ᠵᠠᠶᠠᠭᠠᠨ ᠳᠤ ᠮᠢᠨᠢ ᠣᠶᠠᠰᠤᠭᠠᠤᠨ
ᠨᠠᠮ᠎ᠠ ᠶᠢ ᠳᠤᠷᠠᠰ ᠡ ︕
ᠡᠭᠡ ᠡᠨᠡᠷᠢᠭᠦᠯᠵᠤ
ᠪᠣᠳᠤᠭᠤᠨ ᠪᠣᠢ᠌ᠯᠠᠭᠠᠨ
ᠰᠤᠨᠤᠷᠳᠤᠭᠠᠤᠨ ᠪᠠᠢ᠌ᠨ᠎ᠠ
ᠡᠯᠢᠭᠡ ᠡᠮᠳᠡᠯᠵᠤ
ᠪᠣᠳᠤᠯ ᠤᠨ ᠬᠤᠷ᠎ᠠ
ᠵᠥᠰᠡᠷᠡᠭᠡᠳ ᠪᠠᠢ᠌ᠨ᠎ᠠ
ᠭᠠᠵᠠᠷ ᠤᠨ ᠳᠠᠯᠳᠠ ᠳᠤ
ᠮᠢᠨᠤ ᠪᠠᠷ᠎ᠠ
ᠰᠢᠩᠭᠡᠷᠡᠭᠡᠳ ᠶᠠᠪᠣᠨ᠎ᠠ
ᠰᠡᠳᠭᠢᠯ ᠤᠨ ᠠᠯᠳᠠ ᠳᠤ
ᠴᠢᠨᠤᠭᠢ ᠳᠦᠷᠭᠦ
ᠳᠤᠷᠣᠢ᠌ᠭᠠᠤᠨ ᠢᠷᠠᠨ᠎ᠠ
ᠡᠯᠢᠭᠡᠨ ᠳᠠᠯ᠎ᠠ ᠳᠠᠭᠠᠨ
ᠨᠢᠭᠤᠵᠤ ᠣᠭᠢᠯᠠᠭᠰᠠᠨ
ᠰᠡᠳᠭᠢᠯ ᠢ ᠮᠢᠨᠢ ᠪᠣᠳᠤᠪᠠᠯ
ᠡᠷᠭᠢᠵᠤ ᠪᠣᠴᠠᠬᠤ ᠦᠭᠡᠶ
ᠵᠠᠶᠠᠭᠠᠨ ᠳᠤ ᠮᠢᠨᠢ ᠣᠶᠠᠰᠤᠭᠠᠤᠨ
ᠨᠠᠮ᠎ᠠ ᠶᠢ ᠳᠤᠷᠠᠰ ᠡ ᠁᠁
2010ᠣᠨ ᠤ 7ᠰᠠᠷ᠎ᠠ ᠶᠢᠨ 21
ᠵᠤᠬᠢᠶᠠᠭᠴᠢ ᠶᠢᠨ ᠬᠠᠶᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2684
ᠴᠠᠭ᠄ 2010 ᠤᠨ ᠤ 07 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ