ᠨᠡᠪᠲᠡᠷᠡᠨ ᠤᠷᠤᠬᠤ
ᠵᠠᠩᠭ᠋ᠠᠷ ᠤᠨ ᠨᠤᠳᠤᠭ

ᠪᠣᠷᠬᠠᠨ ᠰᠠᠢ᠌ᠬᠠᠨ ᠭᠦᠭᠡ ᠠᠭᠤᠯᠠᠰ ᠲᠡᠶ

ᠪᠣᠮᠪᠠ ᠶᠢᠨ ᠣᠷᠤᠨ ᠤ ᠳ᠋ᠸᠪᠠᠵᠠᠨ ᠮᠢᠨᠢ᠂

ᠪᠣᠶᠠᠨ ᠬᠤᠷᠠᠭᠰᠠᠨ ᠭᠤᠤᠯ ᠨᠠᠭᠤᠷ ᠤᠳ ᠳᠠᠢ

ᠪᠣᠯᠠᠭᠠᠨ ᠳᠤᠷᠭᠠᠨ ᠡᠵᠢ ᠨᠤᠳᠤᠭ ᠮᠢᠨᠢ᠃

ᠵᠠᠩᠭ᠋ᠠᠷ ᠤᠨ ᠨᠤᠳᠤᠭ ᠬᠤᠪᠣᠭᠰᠠᠢ᠌ᠷᠢ ᠡ

ᠵᠠᠶᠠᠭ᠎ᠠ ᠶᠡᠭᠡ ᠲᠡᠶ ᠭᠦᠮᠦᠰ ᠤᠨ ᠪᠠᠭᠤᠷᠢ ᠡ ︕

ᠡᠭᠦᠯᠡ ᠭᠦᠯᠦᠭᠯᠡᠭ᠍ᠰᠡᠨ ᠰᠢᠭ᠌ ᠬᠤᠷᠳᠤᠨ ᠭᠦᠯᠦᠭ᠌

ᠣᠨᠠᠭᠠᠨ ᠴᠠᠭ ᠡᠴᠡ ᠪᠠᠨ ᠠᠳᠤᠭᠤᠨ ᠳᠤ ᠢᠯᠡᠷᠡᠳᠡᠭ᠌᠂

ᠣᠢ᠌ᠯᠠᠰ ᠲᠡᠭᠡᠨ ᠬᠠᠢ᠌ᠷᠠᠳᠠᠢ ᠰᠠᠢ᠌ᠨ ᠡᠷ᠎ᠡ

ᠠᠩᠭ᠋᠎ᠠ ᠦᠶ᠎ᠡ ᠡᠴᠡ ᠪᠠᠨ ᠣᠯᠠᠨ ᠳᠤ ᠳᠤᠳᠤᠷᠳᠠᠭ᠃

ᠵᠠᠩᠭ᠋ᠠᠷ ᠤᠨ ᠨᠤᠳᠤᠭ ᠬᠤᠪᠣᠭᠰᠠᠢ᠌ᠷᠢ ᠡ

ᠵᠠᠯᠠᠭᠤ ᠵᠤᠷᠢᠭ ᠤᠨ ᠳᠦᠯᠵᠢᠯ ᠤᠨ ᠭᠠᠵᠠᠷ ᠡ ︕

ᠭᠦᠡᠳᠡᠢ ᠭᠤᠪᠢ ᠦᠭᠡᠶ ᠳᠡᠭᠡᠨ ᠡᠷᠳᠡᠨᠢ ᠡᠪᠦᠷᠳᠦᠯᠡᠭ᠍ᠰᠡᠨ

ᠭᠦᠰᠡᠯᠡᠩ ᠪᠠᠶᠠᠰᠤᠯ ᠤᠨ ᠦᠯᠵᠡᠢ ᠵᠠᠩᠭᠢᠶ᠎ᠠ᠂

ᠭᠦᠭ᠍ᠵᠢᠯ ᠪᠠᠳᠠᠷᠠᠯ ᠳ᠋ᠤᠨᠢ ᠳᠡᠯᠡᠭᠡᠢ ᠥᠪᠦᠷᠡᠭ᠍ᠰᠡᠨ1

ᠭᠦᠭᠡ ᠰᠤᠶᠤᠯᠳᠠᠨ ᠤ ᠣᠷᠠᠨ ᠳᠠᠩᠨᠠᠢ 2᠃

ᠵᠠᠩᠭ᠋ᠠᠷ ᠤᠨ ᠨᠤᠳᠤᠭ ᠬᠤᠪᠣᠭᠰᠠᠢ᠌ᠷᠢ ᠡ

ᠽᠠᠮᠪᠣᠲ᠋ᠢᠪ ᠤᠨ ᠪᠢᠰᠢᠷᠠᠯ ᠤᠨ ᠬᠤᠷᠸ᠎ᠠ ᠡ︕

ᠰᠤᠶᠤᠯ ᠵᠤᠭᠠᠴᠠᠯ ᠶᠢᠡᠷ ᠨᠠᠷ᠎ᠠ ᠭᠠᠷᠤᠭᠰᠠᠨ

ᠰᠤᠳᠤᠨ ᠳᠡᠦᠭᠡ ᠲᠡᠶ ᠳᠤᠤᠯᠢᠰ ᠤᠨ ᠭᠤᠯᠤᠮᠳᠠ᠂

ᠰᠢᠨ᠎ᠠ ᠶᠢᠨ ᠡᠭᠦᠰᠦᠯ ᠵᠢᠭᠦᠷ ᠳᠠᠯᠠᠵᠤ

ᠰᠢᠳᠢ ᠪᠦᠳᠦᠭ᠍ᠰᠡᠨ ᠵᠢᠷᠭᠠᠯ ᠤᠨ ᠣᠷᠴᠢᠯᠠᠩ᠃

ᠵᠠᠩᠭ᠋ᠠᠷ ᠤᠨ ᠨᠤᠳᠤᠭ ᠬᠤᠪᠣᠭᠰᠠᠢ᠌ᠷᠢ ᠡ

ᠵᠡᠭᠦᠳᠡᠨ ᠤ ᠮᠠᠨᠠᠭ᠎ᠠ ᠵᠢᠷᠦᠭᠡᠨ ᠤ ᠣᠶᠠᠭ᠎ᠠ ᠡ ︕


ᠵᠡᠭᠦᠯᠳᠡ ᠄ 1. ᠥᠪᠦᠷᠡᠭ᠍ᠰᠡᠨ — ᠰᠤᠨᠢᠷᠬᠠᠭᠰᠠᠨ

2. ᠣᠷᠠᠨ ᠳᠠᠩᠨᠠᠢ — ᠶᠠᠷᠢᠵᠤ ᠪᠠᠷᠠᠭᠳᠠᠰᠢ ᠦᠭᠡᠶ ᠰᠤᠨᠢᠨ

ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2651
ᠴᠠᠭ᠄ 2009 ᠤᠨ ᠤ 06 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ