☆ ᠪᠦᠷᠢᠡᠪᠠᠶᠡᠷ
ᠵᠡᠷᠭᠡᠯᠡᠳᠡᠭᠡ ᠠᠢ᠌ᠯ ᠤᠨ ᠭᠡᠦᠭᠡᠨ
ᠦᠷᠯᠦᠭᠡ ᠪᠦᠷᠢ ᠡᠭᠦᠳᠡᠨ ᠡᠮᠦᠨᠡᠭᠦᠷ ᠭᠠᠷᠳᠠᠭ ᠪᠠᠢ᠌ᠯ᠎ᠠ᠂
ᠦᠨᠳᠦᠷ ᠭᠡᠵᠢᠭᠡ ᠴᠢᠨᠢ ᠣᠷᠢᠬᠠᠨ ᠰᠠᠯᠭᠢᠨ ᠳᠤ ᠨᠠᠮᠢᠷᠠᠳᠠᠭ ᠪᠠᠢ᠌ᠯ᠎ᠠ᠂
ᠥᠵᠡᠭᠡᠳ ᠠᠪᠣᠶ᠎ᠠ ᠭᠡᠵᠤ ᠬᠤᠯᠠᠭᠠᠢ ᠨᠢᠳᠤ ᠪᠠᠷ ᠰᠢᠷᠪᠢᠳᠡᠭ᠌ ᠪᠠᠢ᠌ᠯ᠎ᠠ᠂
ᠡᠷᠭᠢᠭᠡᠳ ᠬᠠᠷᠠᠬᠤ ᠳᠤ ᠬᠠᠷᠠᠴᠠ ᠳᠠᠯᠳᠢᠷᠠᠨ ᠢᠴᠢᠳᠡᠭ᠌ ᠪᠠᠢ᠌ᠯ᠎ᠠ᠃
《ᠠᠬ᠎ᠠ》 ᠭᠡᠳᠡᠭ᠌ ᠡᠶᠡᠯᠳᠡᠭ᠌ ᠥᠭᠡᠨ ᠳᠤ ᠴᠢᠨᠢ ᠰᠤᠭᠳᠤᠭᠤᠷᠠᠳᠠᠭ ᠪᠠᠢ᠌ᠯ᠎ᠠ᠂
ᠠᠮᠳᠠᠳᠤ ᠵᠡᠭᠦᠳᠤᠨ ᠳᠤ ᠰᠠᠢ᠌ᠬᠠᠨ ᠵᠢᠰᠤ ᠴᠢᠨᠢ ᠢᠯᠡᠷᠡᠳᠡᠭ᠌ ᠪᠠᠢ᠌ᠯ᠎ᠠ᠂
《ᠠᠩᠭ᠎ᠠ》 ᠭᠡᠵᠤ ᠬᠠᠷᠢᠭᠤ ᠭᠡᠯᠡᠭᠦ ᠳᠤ ᠪᠠᠨ ᠳᠤᠭᠳᠤᠯᠳᠠᠭ ᠪᠠᠢ᠌ᠯ᠎ᠠ᠂
ᠠᠷᠪᠠᠨ ᠣᠨ ᠳᠤ ᠭᠤᠶᠤ ᠳᠦᠷᠭᠦ ᠴᠢᠨᠢ ᠮᠥᠩᠭᠡᠷᠡᠳᠡᠭ᠌ ᠪᠠᠢ᠌ᠯ᠎ᠠ᠃
ᠵᠤᠬᠢᠶᠠᠭᠴᠢ ᠶᠢᠨ ᠬᠠᠶᠢᠭ᠄ ᠭᠦᠷᠢᠶ᠎ᠡ ᠬᠤᠰᠢᠭᠤ ᠪᠠᠶᠠᠠᠬᠤᠧᠨ ᠰᠤᠮᠤ ᠭᠦᠡᠳᠦᠢ ᠭᠠᠴᠠᠭ᠎ᠠ 3 ᠳ᠋ᠤᠭᠠᠷ ᠳᠤᠭᠣᠢ᠌ᠯᠠᠩ
ᠵᠤᠬᠢᠶᠠᠭᠴᠢ᠄ ᠪᠦᠷᠢᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 06 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ