ᠨᠡᠪᠲᠡᠷᠡᠨ ᠤᠷᠤᠬᠤ
ᠨᠢᠳᠤ

ᠪᠠᠷᠤᠭ ᠯᠠ ᠮᠦᠷᠤ ᠱᠥᠷᠭᠦᠭᠡᠯᠴᠡᠵᠤ

ᠬᠤᠶᠠᠭᠤᠯᠠ ᠵᠥᠷᠢᠭ᠍ᠰᠡᠨ ᠠᠳᠠᠯ᠎ᠠ

ᠪᠠᠰᠤᠮᠵᠢᠯᠠᠭᠰᠠᠨ ᠬᠠᠷᠠᠴᠠ ᠪᠠᠨ ᠴᠤ

ᠥᠴᠦᠭᠡᠨ ᠨᠠᠳᠠ ᠱᠠᠩᠨᠠᠭᠰᠠᠨ ᠦᠭᠡᠶ

ᠣᠳᠠᠭᠠᠨ ᠴᠤ ᠡᠷᠢᠯ᠎ᠡ ᠰᠢᠤ ᠴᠢᠮᠢ᠋ᠢ ᠭᠡᠵᠤ

ᠵᠢᠷᠦᠭᠡ ᠰᠡᠳᠭᠢᠯ ᠳᠤᠭᠳᠤᠯᠵᠤ

ᠣᠶᠠᠩᠭ᠋᠎ᠠ ᠶᠢᠨ ᠭᠠᠯ ᠶᠢᠡᠷ ᠴᠤᠷᠭᠢᠨ ᠪᠠᠢ᠌ᠬᠤ ᠳᠤ

ᠴᠢ ᠠᠩᠵᠠᠭᠠᠷᠠᠭᠰᠠᠨ ᠦᠭᠡᠶ

ᠨᠠᠮᠤᠷ ᠤᠨ ᠬᠠᠷᠠᠵᠠ ᠰᠢᠭ ᠰᠠᠢ᠌ᠬᠠᠨ ᠮᠠᠯᠮᠠᠢ ᠨᠢ

ᠬᠠᠷᠠᠩ ᠪᠢᠯᠢᠤ ᠭᠡᠭᠦ ᠳᠤ

ᠨᠠᠭᠠᠰᠢᠯᠠᠵᠤ ᠴᠠᠭᠠᠰᠢᠯᠠᠬᠤ ᠲᠦᠮᠡᠨ ᠤ ᠣᠷᠤᠰᠬᠠᠯ ᠳᠤᠮᠳᠠᠭᠤᠷ

ᠨᠠᠮᠪᠠᠭᠠᠯᠢᠭᠬᠠᠨ ᠠᠯᠬᠤᠵᠤ ᠳᠠᠯᠳᠠᠷᠢᠬᠤ ᠳᠤ ᠪᠠᠨ

ᠭᠦᠯ ᠶᠠᠷᠤ ᠠᠯᠳᠠᠭᠰᠠᠨ ᠦᠭᠡᠶ

ᠡᠪᠦᠷᠳᠦᠯᠡᠵᠤ ᠪᠣᠯᠬᠤ ᠦᠭᠡᠶ ᠳᠤᠷᠠᠨ ᠭᠡᠵᠤ

ᠨᠢᠳᠤ ᠶᠤᠮ ᠪᠣᠯᠬᠤᠷ

ᠥᠷᠭᠡᠨ ᠴᠢᠯᠦᠭᠡ ᠲᠡᠶ

ᠵᠠᠮ ᠤᠨ ᠨᠢᠭᠡᠨ ᠠᠭᠤᠯᠵᠠᠷ ᠲᠤ

ᠦᠪᠡᠷ ᠢ ᠪᠠᠨ ᠪᠢ

ᠪᠣᠷᠤᠭᠤᠤᠠᠬᠠᠵᠤ ᠳᠠᠩᠴᠢ ᠴᠢᠳᠠᠭᠰᠠᠨ ᠦᠭᠡᠶ

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ