ᠨᠡᠪᠲᠡᠷᠡᠨ ᠤᠷᠤᠬᠤ
ᠤᠷᠳᠤ ᠶᠢᠨ ᠳᠠᠭᠤᠤ ᠦᠦ᠂ ᠣᠷᠢᠳᠤ ᠶᠢᠨ ᠳᠠᠭᠤᠤ ᠤᠤ

ᠣᠷᠴᠢᠮ ᠳᠤ ᠪᠢ᠂ ᠦᠪᠣᠷ ᠮᠤᠩᠭ᠋ᠤᠯ ᠤᠨ ᠮᠤᠩᠭ᠋ᠤᠯ ᠣᠳᠤᠨ ᠳᠸᠯᠸᠢᠰ ᠤᠨ 《ᠦᠷᠯᠦᠭᠡ ᠶᠢᠨ ᠮᠡᠳᠡᠭᠡ》 ᠶ᠋ᠢ ᠰᠤᠨᠤᠰᠴᠤ ᠪᠠᠢ᠌ᠬᠤ ᠳᠤ᠂ ᠨᠢᠭᠡᠨ ᠵᠠᠯᠠᠭᠤ ᠨᠡᠪᠳᠡᠷᠡᠭᠦᠯᠦᠭ᠍ᠴᠢ ᠡᠴᠡ᠄ 《ᠣᠯᠠᠭᠠᠠᠬᠠᠳᠠ ᠬᠤᠳᠠ ᠶᠢᠨ ᠣᠯᠠᠭᠠᠨ ᠊᠊᠊᠊᠊᠊᠊᠊᠊᠊᠊᠊᠊᠊᠊ ᠮᠦᠴᠢᠷ ᠤᠨ ᠳᠤᠭᠯᠠᠭᠴᠢᠳ ᠭᠡᠰᠢᠭ᠍ᠳᠡᠨ ᠬᠤᠰᠢᠭᠤᠨ ᠤ ᠳᠠᠷᠬᠠᠠᠠᠭᠤᠯᠠ ᠰᠤᠮᠤ ᠶᠢᠨ * * * ᠭᠠᠴᠠᠭ᠎ᠠ (ᠪᠣᠳᠠᠳᠠᠢ ᠨᠠᠷ᠎ᠠ ᠶᠢ ᠨᠢ ᠳᠤᠳᠤᠷᠬᠠᠢ ᠰᠤᠨᠤᠰᠴᠤ ᠠᠮᠵᠢᠭᠰᠠᠨ ᠦᠭᠡᠶ) ᠳ᠋ᠤ ᠭᠦᠷᠴᠤ ᠳᠤᠭᠯᠠᠯᠳᠠ ᠭᠠᠷᠭᠠᠵᠤ ᠳᠤᠬᠠᠢ ᠶᠢᠨ ᠭᠠᠵᠠᠷ ᠤᠨ ᠮᠠᠯᠴᠢᠳ ᠲᠤ ᠮᠤᠷᠢᠨ ᠬᠤᠭᠤᠷ᠂ ᠣᠷᠢᠳᠤ ᠶᠢᠨ ᠳᠠᠭᠤᠤ ᠁ ᠵᠡᠷᠭᠡ ᠭᠣᠢ᠌ᠳᠠ ᠰᠠᠢ᠌ᠬᠠᠨ ᠳᠤᠭᠯᠠᠯᠳᠠ ᠪᠠᠨ ᠰᠤᠨᠢᠷᠬᠠᠭᠤᠯᠤᠯ᠎ᠠ》 ᠭᠡᠵᠤ ᠮᠡᠳᠡᠭᠡᠯᠡᠵᠤ ᠪᠠᠢ᠌ᠯ᠎ᠠ᠃ ᠡᠭᠦᠨ ᠢ ᠰᠤᠨᠤᠰᠤᠭᠠᠤᠨ ᠪᠢ᠂ ᠴᠤᠬᠤᠮ ᠣᠷᠢᠳᠤ ᠶᠢᠨ ᠳᠠᠭᠤᠤ ᠪᠠᠨ ᠰᠤᠨᠢᠷᠬᠠᠭᠭᠤᠯᠪᠠ ᠦᠦ᠂ ᠣᠷᠳᠤ ᠶᠢᠨ ᠳᠠᠭᠤᠤ ᠪᠠᠨ ᠰᠤᠨᠢᠷᠬᠠᠭᠤᠯᠪᠠ ᠦᠦ᠂ ᠶᠠᠮᠠᠷ ᠳᠠᠭᠤᠤ ᠪᠠᠨ ᠰᠤᠨᠢᠷᠬᠠᠭᠤᠯᠴᠢᠬᠠᠪᠠ ︖ ᠮᠠᠨ ᠤ ᠵᠠᠯᠠᠭᠤ ᠨᠡᠪᠳᠡᠷᠡᠭᠦᠯᠦᠭ᠍ᠴᠢ ᠡ᠊ᠨᠳᠡᠭᠦᠤ ᠬᠠᠯᠠᠭᠤ ᠨᠢᠳᠤᠯᠠᠵᠤ ᠣᠩᠰᠢᠴᠢᠬᠠᠪᠠ ᠦᠦ᠂ ᠡᠰᠡᠭᠦᠯ᠎ᠡ ᠰᠤᠷᠪᠣᠯᠵᠢᠯᠠᠭᠴᠢ ᠨᠠᠢ᠌ᠷᠠᠭᠤᠯᠤᠭᠴᠢ ᠨᠡᠷ ᠮᠠᠨᠢ ᠪᠣᠷᠤᠭᠤ ᠠᠠᠳᠠᠭᠤ ᠪᠢᠴᠢᠵᠤ ᠨᠠᠢ᠌ᠷᠠᠭᠤᠯᠴᠢᠬᠠᠪᠠ ᠦᠦ ᠭᠡᠵᠤ ᠣᠭᠴᠠᠯᠠᠨ ᠪᠣᠳᠤᠭᠠᠤᠨ ᠠᠪᠣᠪᠠ᠃

ᠴᠤᠬᠤᠮ ᠶᠠᠮᠠᠷ ᠳᠠᠭᠤᠤ ᠪᠣᠯ ︖ ᠣᠷᠳᠤ ᠶᠢᠨ ᠳᠠᠭᠤᠤ ᠦᠦ ︖ ᠣᠷᠢᠳᠤ ᠶᠢᠨ ᠳᠠᠭᠤᠤ ᠦᠦ ︖

ᠮᠢᠨᠤ ᠥᠵᠡᠭᠦ ᠪᠠᠷ᠂ ᠡ᠊ᠨᠳᠡ ᠰᠤᠨᠢᠷᠬᠠᠭᠤᠯᠤᠭᠳᠠᠵᠤ ᠪᠠᠢ᠌ᠭ᠎ᠠ ᠪᠣᠯ ᠣᠷᠢᠳᠤ ᠶᠢᠨ ᠳᠠᠭᠤᠤ ᠪᠢᠰᠢ᠂ ᠣᠷᠳᠤ ᠶᠢᠨ ᠳᠠᠭᠤᠤ ᠪᠠᠢ᠌ᠬ᠎ᠠ᠃ ᠣᠴᠢᠷ ᠨᠢ ᠮᠠᠨ ᠤ ᠭᠢᠨ ᠤ ᠣᠳᠤᠭᠢ ᠭᠡᠯᠡᠯᠭᠡ ᠳᠠᠳᠬᠠᠯ ᠶᠢᠡᠷ ᠪᠣᠯ ᠶᠠᠮᠠᠷᠪᠠ ᠳᠠᠭᠤᠤ ᠶᠢ ᠣᠷᠢᠳᠤ ᠶᠢᠨ ᠳᠠᠭᠤᠤ ᠭᠡᠵᠤ ᠭᠡᠯᠡᠭᠦ᠂ ᠶᠠᠷᠢᠬᠤ ᠳᠠᠳᠬᠠᠯ ᠳᠠᠮᠠᠢ ᠦᠭᠡᠶ᠃ ᠡᠩ ᠤᠨ᠂ ᠣᠳᠤᠭᠢ ᠰᠢᠨ᠎ᠠ ᠳᠠᠭᠤᠤ ᠪᠣᠶᠤ ᠠᠷᠠᠤᠨ ᠤᠨ ᠪᠣᠭᠤᠨᠢ ᠠᠶᠠᠳᠤ ᠳᠠᠭᠤᠤ ᠡᠴᠡ ᠢᠯᠭᠠᠭᠳᠠᠬᠤ ᠳᠠᠭᠤᠤ ᠶᠢ ᠪᠣᠯ ᠪᠦᠷ ᠢ ᠣᠷᠳᠤ ᠶᠢᠨ ᠳᠠᠭᠤᠤ ᠭᠡᠵᠤ ᠰᠢᠤ ᠭᠡᠯᠡᠭᠦ᠂ ᠶᠠᠷᠢᠬᠤ ᠳᠠᠳᠬᠠᠯ ᠲᠡᠶ ᠪᠠᠢ᠌ᠳᠠᠭ᠃ ᠡ᠊ᠨᠳᠡ ᠡᠭᠦᠨ ᠢ ᠡ᠊ᠨᠳᠡᠭᠦᠷᠡᠨ ᠭᠡᠯᠡᠵᠤ ᠶᠠᠷᠢᠵᠤ ᠪᠠᠢ᠌ᠬ᠎ᠠ᠃

ᠡᠭᠦᠨ ᠢ ᠶᠠᠷᠢᠬᠤᠯᠠᠷ ᠡ᠊ᠨᠳᠡ ᠶᠠᠭᠤ ᠶᠢ ᠣᠷᠳᠤ ᠶᠢᠨ ᠳᠠᠭᠤᠤ᠂ ᠶᠠᠭᠤ ᠶᠢ ᠣᠷᠢᠳᠤ ᠶᠢᠨ ᠳᠠᠭᠤᠤ ᠭᠡᠭᠦ ᠠᠰᠠᠭᠤᠳᠠᠯ ᠢ ᠳᠤᠰᠬᠠᠭᠳᠠᠨ᠎ᠠ᠃ ᠡᠭᠦᠨ ᠢ ᠨᠠᠷᠢᠨ ᠳᠤᠳᠤᠷᠬᠠᠢ ᠣᠢ᠌ᠯᠠᠭᠠᠬᠤ᠂ ᠮᠡᠳᠡᠭᠦ ᠴᠢᠬᠤᠯᠠᠳᠠᠢ ᠠᠰᠠᠭᠤᠳᠠᠯ ᠢᠯᠠᠷᠠᠨ᠎ᠡ᠂ ᠱᠠᠭᠠᠷᠳᠠᠭᠳᠠᠨ᠎ᠠ᠃

ᠪᠣᠳᠠᠳᠠᠢ ᠰᠢᠭ ᠵᠠᠳᠠᠯᠤᠨ ᠶᠠᠷᠢᠪᠠᠯ᠂ (ᠣᠯᠳᠤᠢ ᠮᠢᠨᠤ ᠣᠢ᠌ᠯᠠᠭᠠᠵᠤ ᠪᠠᠢ᠌ᠬᠤ ᠪᠠᠷ)᠂ ᠣᠷᠳᠤ ᠶᠢᠨ ᠳᠠᠭᠤᠤ ᠭᠡᠪᠠᠯ᠂ ᠣᠷᠳᠤ ᠠᠶ᠎ᠠ ᠲᠡᠶ ᠣᠵᠤᠭᠤᠷ (ᠢᠵᠠᠭᠤᠷ) ᠳᠠᠭᠤᠤ ᠪᠣᠶᠤ ᠣᠳᠤ ᠦᠶ᠎ᠡ ᠶᠢᠨ ᠣᠷᠳᠤ ᠠᠶ᠎ᠠ ᠲᠡᠶ ᠳᠠᠭᠤᠤ ᠶᠢ ᠭᠡᠯᠡᠨ᠎ᠡ᠃ ᠡᠭᠦᠨ ᠳᠤ᠂ ᠡᠷᠳᠡ ᠶᠢᠨ ᠪᠣᠶᠤ ᠣᠳᠤ ᠦᠶ᠎ᠡ ᠶᠢᠨ ᠳᠠᠭᠤᠤ ᠪᠦᠷ ᠪᠠᠢ᠌ᠵᠤ ᠪᠣᠯᠤᠨ᠎ᠠ᠃ ᠣᠷᠳᠤ ᠠᠶ᠎ᠠ ᠲᠡᠶ ᠯᠠ ᠪᠣᠯ ᠪᠦᠷ ᠪᠠᠭᠳᠠᠯᠴᠠᠨ᠎ᠠ᠃ ᠣᠷᠢᠳᠤ ᠶᠢᠨ ᠳᠠᠭᠤᠤ ᠭᠡᠪᠠᠯ᠂ ᠡᠷᠳᠡ ᠣᠷᠢᠳᠤ ᠡᠴᠡ ᠣᠯᠠᠮᠵᠢᠯᠠᠭᠳᠠᠵᠤ ᠳᠠᠭᠤᠯᠠᠭᠳᠠᠵᠤ ᠢᠷᠡᠭ᠍ᠰᠡᠨ ᠳᠠᠭᠤᠤ ᠶᠢ ᠭᠡᠯᠡᠨ᠎ᠡ᠃ ᠥᠭᠡᠷ᠎ᠡ ᠪᠠᠷ ᠭᠡᠯᠡᠪᠠᠯ᠂ ᠡᠷᠳᠡ ᠳᠡᠭᠡᠳᠤ ᠦᠶ᠎ᠡ ᠡᠴᠡ ᠳᠠᠭᠤᠯᠠᠭᠳᠠᠵᠤ ᠣᠯᠠᠮᠵᠢᠯᠠᠭᠳᠠᠵᠤ ᠢᠷᠡᠭ᠍ᠰᠡᠨ ᠣᠷᠳᠤ ᠠᠶ᠎ᠠ ᠲᠡᠶ ᠳᠠᠭᠤᠤ ᠪᠣᠶᠤ ᠡᠩ ᠤᠨ ᠪᠣᠭᠤᠨᠢ ᠠᠶᠠᠳᠤ ᠡᠷᠳᠡ ᠳᠡᠭᠡᠳᠤ ᠦᠶ᠎ᠡ ᠶᠢᠨ ᠳᠠᠭᠤᠤ ᠪᠦᠷ ᠪᠠᠢ᠌ᠵᠤ ᠪᠣᠯᠤᠨ᠎ᠠ᠃

ᠣᠳᠤᠬᠠᠨ ᠳᠤ᠂ ᠮᠠᠨ ᠤ ᠭᠢᠨ᠂ ᠣᠠᠴᠠᠭᠠᠢ᠌ᠯᠠᠨ ᠭᠡᠰᠡᠭ᠌ ᠵᠠᠯᠠᠭᠤᠴᠤᠳ ᠣᠷᠳᠤ ᠶᠢᠨ ᠳᠠᠭᠤᠤ ᠪᠣᠶᠤ ᠣᠷᠢᠳᠤ ᠶᠢᠨ ᠳᠠᠭᠤᠤ ᠶᠢ ᠳᠤᠮᠳᠠ ᠨᠢ ᠬᠤᠳᠬᠤᠵᠤ ᠡ᠊ᠨᠳᠡᠭᠦᠷᠡᠵᠤ ᠪᠠᠢ᠌ᠭ᠎ᠠ ᠪᠣᠶᠤ ᠪᠦᠷ ᠢ ᠨᠢᠭᠡ ᠳᠦᠷᠤᠯ ᠤᠨ ᠶᠠᠭᠤᠮ᠎ᠠ (ᠳᠠᠭᠤᠤ᠂ ᠣᠷᠠᠯᠢᠭ) ᠭᠡᠵᠤ ᠦᠵᠡᠵᠤ  《ᠳᠠᠨᠢᠵᠤ》᠂ ᠡ᠊ᠨᠳᠡᠭᠦᠤ ᠬᠠᠯᠠᠭᠤ ᠨᠢᠳᠤᠯᠠᠵᠤ ᠣᠩᠰᠢᠵᠤ ᠪᠠᠢ᠌ᠭ᠎ᠠ ᠪᠠᠢ᠌ᠳᠠᠯ ᠢᠯᠠᠳᠳᠠ ᠪᠠᠢ᠌ᠨ᠎ᠠ᠃ ᠡᠨᠡ ᠦᠵᠡᠯᠳᠠ᠂ 《ᠳᠠᠨᠢᠯᠳᠠ》 ᠪᠣᠷᠤᠭᠤ ᠬᠠᠯᠭᠤ ᠦᠵᠡᠯᠳᠠ᠂   ᠲ᠋ᠠᠨᠢᠯᠳᠠ᠃ ᠵᠤᠭᠢᠬᠤ ᠦᠭᠡᠶ ᠵᠣᠢ᠌ᠯᠠᠰ᠃

ᠣᠷᠳᠤ ᠶᠢᠨ ᠳᠠᠭᠤᠤ ᠪᠣᠯ ᠣᠷᠳᠤ ᠶᠢᠨ ᠳᠠᠭᠤᠤ᠂ ᠣᠷᠢᠳᠤ ᠶᠢᠨ ᠳᠠᠭᠤᠤ ᠪᠣᠯ ᠣᠷᠢᠳᠤ ᠶᠢᠨ ᠳᠠᠭᠤᠤ᠃ ᠬᠤᠭᠤᠷᠤᠠᠳᠤ ᠨᠢ ᠬᠤᠳᠬᠤᠮᠠᠷ ᠶᠠᠭᠤᠮ᠎ᠠ ᠭᠡᠵᠤ ᠳᠠᠮᠠᠢ ᠦᠭᠡᠶ᠃ ᠡᠨᠡ ᠬᠤᠶᠠᠷ ᠳᠦᠷᠤᠯ ᠤᠨ ᠳᠠᠭᠤᠤ ᠨᠢ ᠭᠡᠳᠥᠢᠪᠠᠷ ᠬᠤᠭᠤᠷᠤᠠᠳᠤ ᠪᠠᠨ ᠬᠤᠯᠪᠣᠭᠳᠠᠯ ᠲᠡᠶ ᠵᠣᠢ᠌ᠯᠠᠰ ᠪᠠᠢ᠌ᠭ᠎ᠠ ᠪᠣᠯᠪᠠᠴᠤ᠂ ᠨᠢᠭᠡ ᠳᠦᠷᠤᠯ ᠤᠨ ᠠᠭᠤᠯᠭ᠎ᠠ᠂ ᠣᠤᠠᠬ᠎ᠠ ᠲᠡᠶ ᠶᠠᠭᠤᠮ᠎ᠠ ᠪᠢᠰᠢ᠃ ᠬᠤᠶᠠᠷ ᠠᠰᠳᠠᠭᠠᠨ ᠵᠣᠢ᠌ᠯᠠᠰ ᠤᠨ ᠶᠠᠭᠤᠮ᠎ᠠ᠃ ᠬᠤᠭᠤᠷᠤᠠᠳᠤ ᠨᠢ ᠬᠤᠳᠬᠤᠵᠤ ᠡ᠊ᠨᠳᠡᠭᠦᠷᠴᠤ ᠪᠣᠯᠬᠤ ᠦᠭᠡᠶ᠃ ᠣᠠᠴᠠᠭᠠᠢ᠌ᠯᠠᠨ ᠬᠤᠶᠠᠭᠤᠯᠠ ᠶᠢ ᠨᠢᠭᠡ ᠵᠣᠢ᠌ᠯ ᠤᠨ ᠠᠭᠤᠯᠭ᠎ᠠ᠂ ᠣᠤᠠᠬ᠎ᠠ ᠲᠡᠶ ᠶᠠᠭᠤᠮ᠎ᠠ (ᠳᠠᠭᠤᠤ) ᠭᠡᠵᠤ 《ᠪᠦᠳᠦᠭᠦᠪᠴᠢ》 ᠪᠠᠷ᠂ 《ᠶᠡᠭᠡ ᠲᠦᠯᠤᠪ》 ᠳᠤ ᠨᠢ ᠣᠢ᠌ᠯᠭᠠᠵᠤ ᠲ᠋ᠠᠨᠢᠵᠤ ᠶᠠᠭᠠᠭᠢᠭᠰᠠᠨ ᠴᠤ ᠪᠣᠯᠬᠤ ᠦᠭᠡᠶ᠃ ᠢᠯᠭᠠᠵᠤ ᠰᠠᠯᠭᠠᠵᠤ ᠳᠠᠨᠢᠵᠤ ᠣᠢ᠌ᠯᠭᠠᠬᠤ ᠭᠡᠷᠡᠭ᠍ᠳᠡᠢ᠃ 《ᠣᠷᠳᠤ ᠶᠢᠨ ᠳᠠᠭᠤᠤ》 ᠭᠡᠭᠦ ᠨᠠᠷ᠎ᠠ (ᠥᠭᠡ) ᠶ᠋ᠢ 《ᠣᠷᠢᠳᠤ ᠶᠢᠨ ᠳᠠᠭᠤᠤ》 ᠭᠡᠵᠤ ᠬᠠᠯᠭᠤ ᠡ᠊ᠨᠳᠡᠭᠦᠤ᠂ ᠬᠠᠰᠢ ᠶᠠᠰᠢ ᠨᠢᠳᠤᠯᠠᠵᠤ ᠣᠩᠰᠢᠵᠤ ᠨᠠᠩ ᠴᠤ ᠪᠣᠯᠬᠤ ᠦᠭᠡᠶ᠃ ᠢᠩᠭᠢᠵᠤ ᠨᠢᠳᠤᠯᠠᠵᠤ ᠣᠩᠰᠢᠪᠠᠯ ᠡ᠊ᠨᠳᠡᠭᠦᠷᠡᠭ᠍ᠰᠡᠨ ᠳᠡᠭᠡᠷ᠎ᠡ ᠨᠢ ᠡ᠊ᠨᠳᠡᠭᠦᠷᠡᠵᠤ ᠳᠠᠰᠢᠶᠠᠷᠠᠭᠰᠠᠨ ᠳᠡᠭᠡᠷ᠎ᠡ ᠨᠢ ᠳᠠᠰᠢᠶᠠᠷᠠᠭᠰᠠᠨ ᠶᠠᠪᠣᠳᠠᠯ ᠪᠣᠯᠤᠨ᠎ᠠ᠃ ᠵᠦᠪ ᠶᠢᠡᠷ ᠣᠢ᠌ᠯᠭᠠᠵᠤ ᠳᠠᠨᠢᠵᠤ ᠵᠦᠪ ᠶᠢᠡᠷ ᠨᠢᠳᠤᠯᠠᠵᠤ ᠣᠩᠰᠢᠬᠤ ᠭᠡᠷᠡᠭ᠍ᠳᠡᠢ ︕


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 16704
ᠴᠠᠭ᠄ 2011 ᠤᠨ ᠤ 09 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ