ᠨᠡᠪᠲᠡᠷᠡᠨ ᠤᠷᠤᠬᠤ
ᠠᠭᠢᠳᠤ ᠶᠢᠨ ᠰᠢᠯᠢ ᠪᠠᠨ ᠠᠭᠢᠵᠤ ᠬᠠᠷᠠᠬᠤ ᠳ᠋ᠤ

ᠠᠭᠢ ᠲᠡᠶ ᠰᠢᠯᠢ ᠪᠠᠨ

ᠠᠭᠢᠭᠠᠤᠨ ᠬᠠᠷᠠᠬᠤ ᠳ᠋ᠤ

ᠡᠯᠡᠰᠤ ᠪᠣᠯᠴᠢᠬᠠᠭᠰᠠᠨ ᠪᠠᠢ᠌ᠪᠠ

ᠠᠷᠠᠤᠨ ᠤᠨ ᠳᠠᠭᠤᠤ ᠪᠠᠨ

ᠳᠠᠭᠢᠭᠠᠤᠨ ᠳᠠᠭᠤᠯᠠᠬᠤ ᠳ᠋ᠤ

ᠠᠶᠠᠯᠠᠭᠤ ᠨᠢ ᠰᠤᠯᠤᠭᠠᠢ᠌ᠷᠠᠭᠰᠠᠨ ᠪᠠᠢ᠌ᠪᠠ

ᠠᠳᠤᠭᠤ ᠪᠠᠨ ᠥᠭᠡᠢ᠌ᠯᠡᠭ᠍ᠰᠡᠨ ᠠᠪᠣ ᠵᠢᠨ

ᠨᠢᠳᠤ ᠨᠢ ᠵᠠᠢ᠌ᠷᠳᠤᠭᠰᠠᠨ ᠪᠠᠢ᠌ᠪᠠ

ᠠᠷᠭᠠᠯ ᠬᠠᠢ᠌ᠭᠰᠠᠨ ᠡᠮᠡᠭᠡ ᠵᠢᠨ

ᠰᠢᠳᠤ ᠨᠢ ᠣᠨᠠᠴᠢᠬᠠᠭᠰᠠᠨ ᠪᠠᠢ᠌ᠪᠠ

ᠭᠠᠭᠴᠠ ᠴᠠᠭᠠᠨ ᠮᠠᠩᠬ᠎ᠠ ᠨᠢ

ᠭᠠᠭᠴᠠ ᠪᠢᠰᠢ ᠪᠣᠯᠪᠠ

ᠭᠠᠵᠠᠷ ᠪᠣᠯᠭᠠᠨ ᠳᠤ ᠴᠠᠢ᠌ᠯᠵᠠᠪᠠ

ᠡᠳᠦᠷ ᠤᠨ ᠭᠠᠵᠠᠷ ᠡᠴᠡ ᠬᠠᠷᠠᠭᠳᠠᠳᠠᠭ

ᠦᠨᠳᠦᠷ ᠴᠠᠭᠠᠨ ᠮᠠᠩᠬ᠎ᠠ ᠨᠢ

ᠡᠭᠦᠳᠡᠨ ᠡᠮᠤᠨ᠎ᠡ ᠢᠷᠠᠪᠠ

ᠠᠭᠢᠳᠤ ᠶᠢᠨ ᠰᠠᠢ᠌ᠬᠠᠨ ᠰᠢᠯᠢ ᠨᠢ

ᠠᠭᠢ ᠴᠤ ᠦᠭᠡᠶ ᠠᠷᠴᠠ ᠴᠤ ᠥᠭᠡᠢ

ᠠᠯᠠᠭᠯᠠᠨ ᠪᠠᠯᠴᠢᠳᠡᠭ᠌ ᠠᠳᠤᠭᠤ ᠮᠠᠯ ᠤᠨ ᠭᠢᠨᠢ

ᠠᠷᠭᠠᠯ ᠴᠤ ᠦᠭᠡᠶ ᠬᠤᠮᠤᠤᠯ ᠴᠤ ᠥᠭᠡᠢ

ᠠᠭᠢᠳᠤ ᠶᠢᠨ ᠰᠢᠯᠢ ᠪᠠᠨ

ᠠᠭᠢᠵᠤ ᠬᠠᠷᠠᠬᠤ ᠳᠤ

ᠠᠯᠠᠭ᠎ᠠ ᠪᠣᠯᠴᠢᠬᠠᠭᠰᠠᠨ ᠪᠠᠢ᠌ᠪᠠ

ᠠᠷᠠᠤᠨ ᠤᠨ ᠳᠠᠭᠤᠨ ᠳᠤ ᠯᠠ

ᠠᠶᠠᠷᠬᠠᠠᠨ ᠰᠤᠨᠤᠰᠳᠠᠳᠠᠭ

ᠳᠤᠮᠤᠭ ᠪᠣᠯᠴᠢᠬᠠᠭᠰᠠᠨ ᠪᠠᠢ᠌ᠪᠠ ᠁


ᠵᠤᠬᠢᠶᠠᠭᠴᠢ ᠶᠢᠨ ᠬᠠᠶ‍ᠢᠭ ᠄ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠤ᠋·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2649
ᠴᠠᠭ᠄ 2009 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ