☆ ᠳᠠᠪᠬᠤᠷᠪᠠᠶᠠᠷ
ᠬᠠᠷ᠎ᠠ ᠨᠢᠳᠤᠨ ᠮᠢᠨᠢ
ᠬᠠᠢ᠌ᠷᠠᠯᠠᠵᠤ ᠴᠢᠳᠠᠭ᠎ᠠ ᠦᠭᠡᠶ ᠬᠠᠷ᠎ᠠ ᠨᠢᠳᠤᠨ ᠴᠢᠮ᠎ᠠ ᠪᠠᠨ
ᠬᠠᠢ᠌ᠷᠠᠯᠠᠬᠤ ᠶᠢᠨ ᠲᠦᠯᠦᠭᠡ ᠪᠢ ᠳᠠᠩᠰᠠᠯᠤᠨᠠ
ᠬᠠᠢ᠌ᠷ᠎ᠠ ᠶᠢᠨ ᠶᠢᠡᠨ ᠭᠡᠰᠡᠭᠭᠡᠨ ᠨᠥᠭᠦᠭᠡᠰᠤ ᠪᠣᠯᠭᠠᠨ
ᠪᠠᠳᠠᠭ ᠰᠢᠯᠦᠭ᠌ ᠯᠠ ᠴᠢᠮ᠎ᠠ ᠳᠤ ᠪᠠᠨ ᠦᠯᠡᠳᠡᠭᠡᠨ᠎ᠡ
ᠶᠤᠵᠤᠭᠤᠷ ᠤᠨ ᠭᠢᠷᠢ ᠣᠬᠤᠷᠬᠠᠨ ᠪᠠᠳᠠᠭ ᠴᠤ
ᠶᠤᠭᠤᠵᠤ ᠪᠢᠴᠢᠭ᠍ᠰᠡᠨ ᠬᠠᠢ᠌ᠷ᠎ᠠ ᠶᠢᠨ ᠮᠢᠨᠢ ᠰᠢᠪᠠᠨᠡᠭᠡ
ᠶᠠᠭᠠᠭᠢᠬᠤ ᠶᠢᠨ ᠠᠷᠭ᠎ᠠ ᠦᠭᠡᠶ ᠰᠡᠳᠭᠢᠯ ᠤᠨ ᠦᠷᠢ ᠶᠢᠨ
ᠶᠠᠩᠵᠤᠯᠠᠬᠤ ᠶᠢ ᠮᠡᠳᠡᠭ᠍ᠰᠡᠨ ᠦᠭᠡᠶ ᠳᠡᠨᠡᠭᠭᠡᠨ ᠬᠠᠷᠢᠭᠤᠯᠤᠯ
ᠬᠠᠷᠠᠴᠠ ᠪᠦᠭᠦᠨ ᠡᠴᠡ ᠬᠠᠷᠠᠮᠯᠠᠵᠤ ᠶᠠᠪᠣᠬᠤ ᠳᠤ ᠪᠠᠨ
ᠬᠠᠷᠠᠳᠠᠵᠤ ᠭᠡᠯᠡᠭ᠍ᠰᠡᠨ ᠥᠭᠡ ᠶᠢ ᠮᠢᠨᠢ ᠠᠭᠤᠴᠢᠯᠠ
ᠬᠠᠯᠠᠭᠤᠨ ᠠᠮᠢᠳᠤᠷᠠᠯ ᠳ᠋ᠤ ᠪᠠᠨ ᠬᠠᠷᠢᠭᠤᠴᠠᠯᠭ᠎ᠠ ᠬᠤᠮᠰᠠᠬᠠᠨ
ᠬᠣᠢ᠌ᠷᠭᠤᠰᠢᠵᠤ ᠶᠠᠪᠣᠭᠰᠠᠨ ᠣᠢ᠌ᠯᠠ ᠶᠢ ᠮᠢᠨᠢ ᠠᠭᠤᠴᠢᠯᠠ
ᠶᠠᠩᠴᠢᠶᠠᠨ ᠦᠭᠡᠶ ᠠᠳᠠ ᠶᠢᠨ ᠳᠠᠪᠢᠯᠠᠩ ᠲᠡᠶ
ᠶᠠᠳᠠᠷᠠᠵᠤ ᠠᠮᠢᠳᠤᠷᠠᠬᠤ ᠨᠠᠰᠤ ᠶᠢ ᠮᠢᠨᠢ ᠠᠭᠤᠴᠢᠯᠠ
ᠢᠷᠠᠭᠤ ᠨᠠᠢ᠌ᠷᠠᠭ ᠲᠤ ᠰᠢᠨᠤᠯ ᠶᠢᠡᠨ ᠪᠣᠯᠢᠶᠠᠭᠳᠠᠭᠰᠠᠨ
ᠶᠠᠩᠪᠠ ᠦᠭᠡᠶ ᠵᠠᠶᠠᠭ᠎ᠠ ᠶᠢ ᠮᠢᠨᠢ ᠠᠭᠤᠴᠢᠯᠠ
ᠨᠥᠭᠦᠵᠤ ᠳᠡᠢ᠌ᠯᠭᠦ ᠦᠭᠡᠶ ᠬᠠᠢ᠌ᠷ᠎ᠠ ᠶᠢᠨ ᠶᠢᠡᠨ ᠲᠦᠯᠦᠭᠡᠨ᠎ᠡ
ᠨᠤᠬᠤᠴᠢᠵᠤ ᠪᠢᠴᠢᠭ᠍ᠰᠡᠨ ᠰᠢᠯᠦᠭ᠌ ᠢ ᠮᠢᠨᠢ ᠠᠭᠤᠴᠢᠯᠠ
ᠪᠦᠭᠦᠢᠵᠤ ᠴᠢᠳᠠᠬᠤ ᠦᠭᠡᠶ ᠠᠷᠠᠠᠰᠢᠨ ᠶᠢᠡᠨ ᠳᠠᠭᠠᠵᠤ
ᠬᠠᠵᠠᠢ᠌ᠵᠤ ᠥᠳᠡᠯᠭᠦ ᠦᠭᠡᠶ ᠠᠮᠢᠳᠤᠷᠠᠯ ᠢ ᠮᠢᠨᠢ ᠠᠭᠤᠴᠢᠯᠠ
ᠬᠠᠢ᠌ᠷᠠᠯᠠᠵᠤ ᠴᠢᠳᠠᠭ᠎ᠠ ᠦᠭᠡᠶ ᠬᠠᠷ᠎ᠠ ᠨᠢᠳᠤᠨ ᠴᠢᠮ᠎ᠠ ᠪᠠᠨ
ᠬᠠᠢ᠌ᠷᠠᠯᠠᠬᠤ ᠶᠢᠨ ᠲᠦᠯᠦᠭᠡ ᠪᠢ ᠳᠠᠩᠰᠠᠯᠤᠨᠠ
ᠬᠠᠢ᠌ᠷ᠎ᠠ ᠶᠢᠨ ᠭᠡᠰᠡᠭᠭᠡᠨ ᠨᠥᠭᠦᠭᠡᠰᠤ ᠪᠣᠯᠭᠠᠨ
ᠪᠠᠳᠠᠭ ᠰᠢᠯᠦᠭ᠌ ᠯᠠ ᠴᠢᠮ᠎ᠠ ᠳᠤ ᠪᠠᠨ ᠦᠯᠡᠳᠡᠭᠡᠨ᠎ᠡ
ᠵᠤᠬᠢᠶᠠᠭᠴᠢ ᠶᠢᠨ ᠬᠠᠶᠢᠭ᠄ ᠲᠦᠰᠢᠶᠠᠳᠤ ᠶᠢᠨ ᠭᠦᠡᠳᠦᠯ
ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ