ᠨᠡᠪᠲᠡᠷᠡᠨ ᠤᠷᠤᠬᠤ
ᠮᠢᠨᠤ ᠨᠤᠳᠤᠭ ᠊᠊᠊᠊᠊᠊᠊᠊᠊᠊᠊᠊᠊᠊᠊ ᠳᠦᠷᠪᠡᠳ


ᠮᠢᠨᠤ ᠳᠦᠷᠦᠭ᠍ᠰᠡᠨ ᠥᠯᠦᠭᠡᠢ ᠥᠵᠡᠰᠭᠦᠯᠡᠩᠳᠤ ᠰᠠᠢ᠌ᠬᠠᠨ ᠳᠦᠷᠪᠡᠳ ᠨᠤᠳᠤᠭ ᠲᠤ ᠪᠠᠨ ᠪᠢ ᠬᠠᠢ᠌ᠷᠠᠳᠠᠢ᠃ ᠳᠠᠨᠠᠨ ᠴᠠᠭᠠᠨ ᠰᠥᠷᠦᠭ᠌ ᠠᠯᠠᠭᠯᠠᠭᠰᠠᠨ ᠭᠦᠳᠡᠭᠡ ᠨᠤᠳᠤᠭ ᠲᠤ ᠪᠠᠨ ᠨᠠᠩ ᠬᠠᠢ᠌ᠷᠠᠳᠠᠢ᠃ ᠮᠠᠨ ᠤ ᠭᠦᠳᠡᠭᠡ ᠳᠤ ᠴᠠᠳᠤᠭᠰᠠᠨ ᠳᠤᠭᠤᠯ ᠤᠨ ᠨᠢᠳᠤ ᠰᠢᠭ ᠳᠤᠪ ᠳᠤᠩᠭ᠋ᠠᠯᠠᠭ ᠨᠠᠭᠤᠷ ᠳᠤᠭ᠎ᠠ ᠦᠭᠡᠶ ᠣᠯᠠᠨ ᠪᠠᠢ᠌ᠳᠠᠭ ᠪᠦᠭᠡᠳ ᠳᠠᠯ᠎ᠠ ᠶᠢᠨ ᠭᠢᠨᠢ ᠭᠦᠪᠠᠭᠡ ᠪᠠᠷ ᠠᠤᠭ᠎ᠠ ᠰᠥᠷᠯᠢᠭ᠌ ᠠᠭᠤᠯᠠ ᠬᠠᠢ᠌ᠷᠬᠠᠨ ᠰᠦᠨᠳᠠᠷᠯᠠᠨ ᠪᠠᠢ᠌ᠳᠠᠭ᠃ ᠳᠠᠷᠠ ᠠᠭᠤᠯᠠᠨ ᠤ ᠪᠠᠯ ᠶᠢᠡᠷ ᠪᠢ ᠥᠷᠭᠦᠯᠵᠢ ᠬᠤᠷᠠᠭ᠎ᠠ ᠢᠰᠢᠭᠡ ᠪᠠᠨ ᠬᠠᠷᠢᠭᠤᠯᠠᠨ ᠶᠠᠪᠣᠳᠠᠭ ᠶᠤᠮ ᠡ︕

ᠮᠠᠨ ᠤ ᠭᠦᠳᠡᠭᠡ᠂ ᠵᠢᠯ ᠤᠨ ᠳᠦᠷᠪᠡᠨ ᠣᠯᠠᠷᠢᠯ ᠳᠤ ᠪᠠᠨ ᠪᠦᠷ ᠭᠤᠶᠤ ᠰᠠᠢ᠌ᠬᠠᠨ ᠪᠠᠢ᠌ᠳᠠᠭ᠃ ᠬᠠᠪᠣᠷ ᠲᠤ ᠪᠠᠨ ᠠᠯᠢᠪᠠ ᠲᠦᠮᠡᠨ ᠪᠣᠳᠠᠰ ᠠᠮᠢᠯᠠᠨ ᠰᠡᠷᠭᠦᠵᠤ᠂ ᠠᠮᠢᠵᠢᠷᠠᠯ ᠤᠨ ᠠᠭᠤᠷ ᠠᠮᠢᠰᠬᠤᠯ ᠶᠢᠡᠷ ᠪᠢᠯᠬᠠᠨ᠎ᠠ᠃

ᠵᠤᠨ ᠳᠤ ᠪᠠᠨ ᠵᠣᠢ᠌ᠯ ᠤᠨ ᠠᠮᠢᠳᠠᠨ ᠪᠣᠰᠤᠨ ᠰᠠᠭᠤᠵᠤ ᠭᠠᠯᠠᠭᠤ ᠰᠢᠪᠠᠭᠤ ᠵᠢᠷᠭᠢᠨ ᠳᠤᠩᠭ᠋ᠤᠤᠠᠴᠤ᠂ ᠥᠩᠭᠡ ᠢᠯᠭᠠᠭᠳᠠᠮ᠎ᠠ ᠬᠤᠸᠠᠷ ᠴᠡᠴᠡᠭ᠌ ᠳᠡᠯᠭᠡᠷᠡᠨ ᠨᠤᠳᠤᠭ ᠢ ᠮᠢᠨᠢ ᠴᠢᠮᠠᠨ᠎ᠡ᠃

ᠨᠠᠮᠤᠷ ᠪᠣᠯᠪᠠᠯ ᠨᠠᠪᠴᠢ ᠨᠠᠮᠠᠭ᠎ᠠ ᠰᠢᠷᠠᠯᠠᠨ᠂ ᠨᠠᠢ᠌ᠷ ᠬᠤᠷᠢᠮ ᠤᠨ ᠴᠠᠭ ᠪᠣᠯᠵᠤ᠂ ᠭᠦᠯᠦᠭ᠌ ᠮᠤᠷᠢᠳ ᠣᠷᠤᠯᠳᠤᠨ ᠠᠭᠤᠷ ᠠᠮᠢᠰᠬᠤᠯ ᠨᠠᠩ ᠪᠢᠯᠬᠠᠮ᠎ᠠ ᠪᠣᠯᠤᠨ᠎ᠠ᠃

ᠡᠪᠦᠯ ᠪᠣᠯ ᠴᠠᠰᠤᠨ ᠴᠡᠴᠡᠭ᠌ ᠭᠦᠳᠡᠭᠡ ᠨᠤᠳᠤᠭ ᠢ ᠮᠢᠨᠢ ᠴᠠᠭᠠᠨ ᠥᠩᠭᠡ ᠶᠢᠡᠷ ᠪᠣᠳᠤᠨ᠂ ᠠᠢ᠌ᠯ ᠤᠨ ᠭᠡᠷ ᠤᠨ ᠬᠤᠯᠠᠩ ᠡᠴᠠ ᠠᠷᠭᠠᠯ ᠤᠨ ᠴᠡᠩᠭᠡᠷ ᠣᠳᠤᠭ᠎ᠠ ᠰᠤᠭᠤᠨᠠᠭᠯᠠᠨ᠎ᠠ᠃ ᠠᠪᠣ ᠮᠢᠨᠢ ᠠᠩ ᠭᠦᠷᠦᠭᠡ ᠭᠢᠭᠡᠳ ᠭᠠᠠᠵᠤᠭ᠎ᠠ ᠳᠦᠭᠦᠷᠡᠩ ᠪᠣᠴᠠᠵᠤ ᠢᠷᠠᠨ᠎ᠡ᠃

ᠮᠠᠨ ᠤ ᠭᠦᠳᠡᠭᠡ ᠠᠯᠳᠠᠨ ᠭᠢᠩᠭ᠋ᠠᠨ ᠲᠡᠶ ᠠᠳᠠᠯᠢ ᠣᠯᠠᠨ ᠶᠠᠩᠵᠤ ᠶᠢᠨ ᠡᠪᠠᠰᠤ ᠣᠷᠭᠤᠮᠠᠯ᠂ ᠣᠢ ᠰᠢᠭᠤᠢ ᠪᠠᠢ᠌ᠬᠤ ᠦᠭᠡᠶ ᠴᠤ ᠦᠷ᠎ᠡ ᠨᠢ ᠪᠣᠯᠤᠭᠰᠠᠨ ᠨᠠᠳᠠ ᠳᠤ ᠪᠠᠨ ᠪᠣᠯ ᠭᠡᠵᠢᠶᠡᠳᠡ ᠰᠠᠯᠵᠤ ᠪᠣᠯᠤᠰᠢ ᠦᠭᠡᠶ ᠦᠵᠡᠮᠵᠢᠳᠤ ᠰᠠᠢ᠌ᠬᠠᠨ ᠣᠷᠤᠨ ᠪᠢᠯᠠ︕


ᠵᠢᠯᠤᠭᠤᠳᠤᠭᠰᠠᠨ ᠪᠠᠭᠰᠢ᠄ ᠲᠦᠪᠰᠢᠨ

ᠵᠤᠬᠢᠶᠠᠭᠴᠢ ᠶᠢᠨ ᠬᠠᠶ‍ᠢᠭ ᠄ ᠡᠷᠢᠶᠡᠨ

ᠵᠤᠬᠢᠶᠠᠭᠴᠢ᠄ ᠮᠦᠰᠢᠶᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 3545
ᠴᠠᠭ᠄ 2009 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ