☆ ᠢ᠊·ᠭᠡᠰᠢᠭ᠍ᠳᠤ
ᠮᠢᠨᠤ ᠪᠠᠭᠰᠢ
ᠭᠠᠪᠢᠶᠠᠳᠤ ᠪᠠᠭᠰᠢ ᠶᠢᠨ ᠶᠢᠡᠨ ᠪᠣᠩᠬᠤᠨ ᠳᠡᠭᠡᠷ᠎ᠡ
ᠳᠠᠢ᠌ᠭᠠᠨ ᠭᠦᠶᠦᠳᠡᠯᠳᠤ ᠶᠢᠨ ᠨᠢᠷᠤᠭᠤᠨ ᠳ᠋ᠤ
ᠳᠡᠯᠡᠭᠡᠢ ᠪᠠᠶᠠᠰᠬᠠᠵᠤ ᠳᠤᠷᠨᠢᠭᠠ
ᠳᠠᠯ᠎ᠠ ᠶᠢᠨ ᠳᠤᠶᠠᠭᠠᠳᠤ ᠦᠷᠠᠰ ᠤᠨ
ᠳᠠᠭᠢᠠᠳᠠ ᠮᠠᠴᠤᠳᠠᠭ ᠠᠭᠤᠯᠠ᠃
ᠣᠨᠠᠭᠠᠨ ᠳᠠᠭᠰᠢᠶᠠ ᠲᠡᠶ ᠪᠠᠯᠴᠢᠭᠡᠷ ᠳᠤ
ᠣᠳᠤᠳ ᠤᠨ ᠰᠤᠷ ᠭᠢᠯᠳᠠᠭᠠᠨᠠᠭᠤᠯᠵᠤ᠂
ᠣᠭᠰᠠᠭ᠎ᠠ ᠳᠠᠮᠵᠢᠬᠤ ᠳᠤᠪᠴᠢᠶᠠᠨ ᠳ᠋ᠤ
ᠦᠴᠢᠭ᠌ ᠶᠢᠡᠨ ᠳᠠᠷᠬᠠᠯᠠᠭᠰᠠᠨ ᠵᠢᠦᠡᠭᠦᠯᠳᠡᠨ᠃
ᠡᠷᠭᠡᠳᠤ ᠰᠠᠢ᠌ᠬᠠᠨ ᠬᠠᠢ᠌ᠷᠬᠠᠨ ᠳ᠋ᠤ
ᠦᠷ ᠤᠨ ᠭᠡᠭᠡ ᠳᠤᠰᠬᠤ ᠰᠢᠭ
ᠡᠷᠢᠯᠴᠢᠳ ᠤᠨ ᠳᠡᠷᠭᠡᠯ ᠪᠣᠳᠤᠯ ᠳ᠋ᠤ
ᠡᠷᠳᠡᠮ ᠶᠢᠡᠷ ᠱᠠᠭᠢᠬᠤ ᠬᠤᠷ᠎ᠠ᠃
ᠪᠣᠮᠠᠨ ᠵᠤᠭᠢᠰᠳᠤ ᠨᠤᠮ ᠤᠨ
ᠪᠦᠷᠢᠨ ᠵᠣᠢ᠌ᠳᠤ ᠳᠠᠭᠢᠮᠳᠠᠭᠤ
ᠪᠢᠯᠢᠭ᠌ ᠤᠨ ᠣᠩᠭ᠋ᠤᠳ ᠪᠠᠭᠤᠬᠤ
ᠪᠣᠶᠠᠨ ᠭᠡᠰᠢᠭ᠍ᠳᠤ ᠳᠠᠯᠠᠯᠭ᠎ᠠ᠃
ᠣᠢ᠌ᠯᠠᠰ ᠤᠨ ᠰᠢᠳᠢᠳᠤ ᠣᠷᠭᠢᠯ ᠳ᠋ᠤ
ᠦᠯᠵᠡᠢ ᠮᠦᠷ ᠰᠤᠨᠤᠯᠵᠠᠭᠤᠯᠤᠨ
ᠦᠨᠢ ᠡᠭᠦᠷᠢᠳᠡ ᠣᠩᠰᠢᠭᠳᠠᠬᠤ
ᠪᠤᠳᠢᠭᠡᠷᠡᠯ ᠮᠢᠨᠤ ᠪᠠᠭᠰᠢ ᠶᠤᠮᠰᠠᠨ᠃
ᠵᠢᠯᠤᠭᠤ ᠬᠤᠤᠰ ᠠᠶᠠᠨ ᠤ
ᠭᠠᠠᠵᠤᠭ᠎ᠠ ᠪᠠᠶᠠᠨ ᠣᠯᠠᠷᠢᠯ ᠳ᠋ᠤ
ᠵᠤᠭᠰᠤᠭ᠎ᠠ ᠵᠠᠢ ᠦᠭᠡᠶ ᠪᠣᠳᠤᠭᠳᠠᠬᠤ
ᠭᠠᠪᠢᠶᠠᠳᠤ ᠪᠠᠭᠰᠢ ᠪᠠᠨ ᠳᠤᠷᠠᠳᠬᠠᠨᠠᠮ᠃
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠳᠡᠭᠡᠳᠤ ᠰᠤᠷᠭᠠᠬᠤᠯᠢ
ᠵᠤᠬᠢᠶᠠᠭᠴᠢ᠄ ᠢ᠊·ᠭᠡᠰᠢᠭ᠍ᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3130
ᠴᠠᠭ᠄ 2011 ᠤᠨ ᠤ 03 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ