ᠨᠡᠪᠲᠡᠷᠡᠨ ᠤᠷᠤᠬᠤ
ᠴᠢᠮ᠎ᠠ ᠳᠠᠭᠠᠨ ᠯᠠ ᠭᠡᠵᠤ

ᠨᠠᠮ ᠨᠠᠮᠵᠢᠭᠤᠬᠠᠨ ᠦᠳᠡᠰᠢ ᠴᠢᠮ᠎ᠠ ᠶᠢ ᠳᠤᠷᠠᠰᠬᠤ ᠳᠠᠭᠠᠨ

ᠨᠠᠷ᠎ᠠ ᠪᠠᠷ ᠴᠢᠨᠢ ᠰᠢᠭᠤᠳ ᠰᠢᠯᠦᠭ᠌ ᠪᠢᠴᠢᠭᠦ ᠶᠢ ᠰᠠᠨᠠᠨ᠎ᠠ

ᠨᠢᠭᠡ ᠪᠢᠰᠢ ᠣᠯᠠᠨ ᠨᠠᠷ᠎ᠠ ᠲᠡᠶ ᠴᠢᠨᠢ ᠠᠳᠠᠯᠢ ᠭᠦᠮᠤᠨ

ᠢᠪᠠᠷᠠᠵᠤ ᠢᠷᠡᠭᠦ ᠡᠴᠡ ᠴᠤ ᠠᠶᠤᠨ᠎ᠠ


ᠰᠠᠷᠠᠨ ᠤ ᠭᠡᠷᠡᠯ ᠴᠤᠩᠬᠤ ᠪᠠᠷ ᠳᠤᠰᠤᠨ᠎ᠠ

ᠭᠡᠭᠡᠡᠴᠢᠷ ᠴᠡᠴᠡᠭ᠌ ᠤᠨ ᠵᠢᠪᠠᠷ ᠳᠡᠭᠡᠭᠦᠷ

ᠵᠥᠭᠡᠯᠡᠨ ᠵᠥᠭᠡᠯᠡᠨ ᠠᠯᠬᠤᠯᠠᠭᠰᠠᠭᠠᠷ ᠁   

ᠭᠡᠳᠤᠨ ᠵᠠᠭᠤᠨ ᠤ ᠠᠯᠤᠰ ᠡᠴᠡ ᠴᠢ ᠮᠢᠨᠢ ᠰᠡᠳᠭᠢᠯ ᠳᠤ ᠢᠷᠠᠨ᠎ᠠ


ᠴᠢᠮ᠎ᠠ ᠳᠤ ᠭᠡᠳᠦᠢ ᠰᠠᠢ᠌ᠬᠠᠨ ᠰᠢᠯᠦᠭ᠌ ᠪᠢᠴᠢᠭ᠍ᠰᠡᠨ ᠴᠤ

ᠴᠢ ᠨᠠᠮ᠎ᠠ ᠶᠢ ᠦᠯᠦ ᠢᠳᠡᠭᠡᠨ᠎ᠡ

ᠨᠠᠳᠠ ᠳᠤ ᠪᠢᠴᠢᠭ᠍ᠰᠡᠨ ᠦᠭᠡᠶ ᠪᠠᠢ᠌ᠬᠤ ᠭᠡᠵᠤ

ᠨᠠᠮ᠎ᠠ ᠶᠢ ᠳᠠᠩᠳᠠ ᠪᠠᠨ ᠵᠤᠪᠠᠭᠠᠨ᠎ᠠ  


ᠴᠢ ᠨᠠᠳᠠ ᠶᠢ ᠵᠤᠪᠠᠭᠠᠬᠤ ᠳᠤᠳᠤᠮ

ᠪᠢ ᠴᠢᠮ᠎ᠠ ᠶᠢ ᠣᠯᠠᠮ ᠬᠠᠢ᠌ᠷᠠᠯᠠᠨ᠎ᠠ

ᠴᠡᠴᠡᠭ᠌ ᠤᠨ ᠭᠡᠯᠳᠡᠰ ᠵᠤᠯᠭᠠᠷᠠᠵᠤ ᠪᠠᠷᠠᠳᠠᠯ᠎ᠠ

ᠴᠢᠮ᠎ᠠ ᠳᠠᠭᠠᠨ ᠯᠠ ᠭᠡᠵᠤ ᠰᠢᠯᠦᠭ᠌ ᠪᠢᠴᠢᠶ᠎ᠠ


ᠵᠤᠬᠢᠶᠠᠭᠴᠢ ᠶᠢᠨ ᠬᠠ‍‌ᠶᠢᠭ ᠄ ᠪᠠᠭᠠᠷᠢᠨ ᠤ ᠪᠠᠢ᠌ᠰᠢᠩᠳᠤ

ᠵᠤᠬᠢᠶᠠᠭᠴᠢ᠄ ᠳ᠋·ᠪᠦᠷᠢᠨ‍ᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ