ᠨᠡᠪᠲᠡᠷᠡᠨ ᠤᠷᠤᠬᠤ
ᠬᠠᠪᠳᠠᠭᠠᠢ ᠶᠢᠨ ᠬᠠᠪᠣᠷᠵᠢᠶ᠎ᠠ

ᠬᠠᠪᠳᠠᠭᠠᠢ ᠶᠢᠨ ᠠᠮᠠᠰᠠᠷ

ᠬᠠᠪᠣᠷᠵᠢᠶ᠎ᠠ ᠮᠠᠨ ᠤ ᠭᠢ ᠪᠠᠢ᠌ᠭᠰᠠᠨ ᠶᠤᠮ

ᠬᠠᠩᠰᠢ ᠨᠡᠭᠡᠭᠡᠮᠡᠭ᠍ᠴᠡ

ᠬᠤᠨᠢ ᠴᠠᠢ᠌ᠷᠠᠳᠠᠭ ᠪᠠᠢ᠌ᠭᠰᠠᠨ ᠶᠤᠮ

ᠬᠠᠪᠳᠠᠭᠠᠢ ᠭᠡᠵᠤ ᠵᠡᠷᠯᠢᠭ᠌ ᠳᠡᠮᠡᠭᠡ

ᠬᠠᠪᠳᠠᠭᠠᠢ ᠳᠤ ᠣᠯᠠᠨ ᠪᠠᠢ᠌ᠭᠰᠠᠨ ᠶᠤᠮ

ᠬᠤᠯᠠ ᠴᠤ ᠪᠢᠰᠢ ᠥᠨᠦᠭᠡᠨ ᠭᠦᠷᠳᠡᠯ᠎ᠡ

ᠬᠤᠶᠠᠷ ᠨᠢᠭᠡ ᠬᠠᠷᠠᠭᠳᠠᠵᠤ ᠪᠠᠢ᠌ᠭᠰᠠᠨ ᠶᠤᠮ

ᠬᠠᠪᠳᠠᠭᠠᠢ ᠪᠠᠢ᠌ᠭᠠᠤᠨ

ᠬᠠᠪᠳᠠᠭᠠᠢ ᠰᠥᠷᠯᠢᠭ᠌ ᠪᠣᠯᠤᠭᠰᠠᠨ ᠶᠤᠮ

ᠬᠠᠪᠢᠳᠠᠵᠤ ᠣᠢ᠌ᠷᠠᠳᠤᠬᠤ ᠳ᠋ᠤ

ᠰᠦᠷᠳᠠᠵᠤ ᠠᠶᠤᠳᠠᠭ ᠪᠠᠢ᠌ᠭᠰᠠᠨ ᠶᠤᠮ

ᠬᠠᠪᠳᠠᠭᠠᠢ ᠪᠠᠷ᠎ᠠ ᠳᠠᠰᠤᠷᠠᠭᠠᠤᠨ

ᠡᠪᠦᠭᠡᠳ ᠰᠡᠭᠦᠷᠡᠰᠦᠯᠡᠵᠤ ᠶᠠᠪᠣᠭᠰᠠᠨ ᠶᠤᠮ

ᠬᠠᠪᠣᠷᠵᠢᠶ᠎ᠠ ᠪᠠᠷ᠎ᠠ ᠳᠠᠰᠤᠷᠠᠭᠠᠤᠨ

ᠡᠯᠡᠰᠤᠨ ᠰᠢᠭᠤᠷᠭ᠎ᠠ ᠢᠷᠡᠭ᠍ᠰᠡᠨ ᠶᠤᠮ᠃

ᠵᠤᠬᠢᠶᠠᠭᠴᠢ᠄ ᠰᠠᠷᠠᠩᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2009 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ