☆ ᠪᠠ᠊·ᠵᠠᠰᠠᠨ᠎ᠠ
ᠳᠠᠭᠢᠯᠭ᠎ᠠ ᠪᠢᠯᠠ
ᠨᠤᠳᠤᠭ ᠤᠨ ᠦᠨᠦᠷ
ᠡᠰᠡ ᠪᠣᠯᠭᠤᠭᠠᠭᠴᠢ ᠳᠤ ᠡᠷᠡᠭᠦᠯ ᠭᠡᠮᠡᠭ᠍ᠳᠡᠨ ᠡ᠊ᠨᠳᠡᠭᠦᠷᠡᠭ᠍ᠳᠡᠮᠡ ᠊᠊᠊᠊᠊᠊᠊᠊᠊᠊᠊᠊᠊᠊᠊ ᠦᠨᠡᠨ ᠳᠡᠭᠡᠨ ᠶᠠᠭᠤ ᠴᠤ ᠥᠵᠡᠳᠡᠭ᠌ ᠦᠭᠡᠶ᠂ ᠬᠠᠷ᠎ᠠ ᠪᠠᠷ ᠰᠤᠬᠤᠷᠠᠭᠰᠠᠨ ᠳᠠᠷᠠ ᠭᠦ ᠬᠤᠶᠠᠷ ᠨᠢᠳᠤᠨ ᠡᠴᠡ ᠴᠠᠯᠳᠠ ᠭᠡᠳᠡᠯ᠎ᠡ ᠨᠢᠯᠪᠣᠰᠤ ᠳᠠᠪᠠᠷᠠᠨ ᠠᠰᠬᠠᠷᠠᠵᠤ ᠢᠷᠠᠪᠠ᠃ ᠳᠠᠷᠠ 《ᠶᠠᠭᠠᠭᠢᠪᠠᠴᠤ ᠨᠢᠯᠪᠣᠰᠤ ᠭᠠᠷᠭᠠᠬᠤ ᠦᠭᠡᠶ》 ᠭᠡᠵᠤ ᠨᠤᠳᠤᠭ ᠳᠠᠯ᠎ᠠ ᠪᠠᠨ ᠭᠠᠷᠤᠭᠰᠠᠨ ᠴᠠᠭ ᠡᠴᠠ ᠡᠭᠢᠯᠡᠨ ᠬᠠᠳᠠᠭᠤ ᠪᠣᠳᠤᠵᠤ ᠢᠷᠡᠭ᠍ᠰᠡᠨ ᠪᠣᠯᠳᠠᠭ᠃ ᠳᠦᠷᠤᠮᠠᠯ ᠤᠨ ᠬᠠᠳᠠᠭᠤ ᠵᠢᠷᠦᠭᠡ ᠲᠡᠶ ᠳᠡᠭᠡᠷ᠎ᠡ ᠪᠠᠨ ᠬᠤᠷᠸ᠎ᠠ ᠳᠤ ᠳᠠᠪᠢᠨ ᠭᠡᠳᠤᠨ ᠵᠢᠯ ᠰᠢᠷ᠎ᠠ ᠳᠤᠭᠤᠰᠤ ᠭᠦᠡᠳᠡᠭᠡᠵᠤ ᠶᠠᠪᠣᠬᠤ ᠳᠠᠭᠠᠨ ᠭᠦᠡᠳᠤ ᠭᠦᠴᠢᠷ ᠬᠠᠷ᠎ᠠ ᠠᠵᠢᠯ ᠳᠤ ᠠᠮᠢ ᠴᠦᠯᠠᠵᠤ᠂ ᠭᠡᠯᠡᠭᠦ ᠶᠢᠨ ᠠᠷᠭ᠎ᠠ ᠦᠭᠡᠶ ᠰᠡᠳᠭᠢᠯ ᠤᠨ ᠶᠡᠭᠡ ᠵᠤᠪᠠᠯᠠᠩ ᠢ ᠡᠳ᠋ᠯᠡᠭ᠍ᠰᠡᠭᠡᠷ ᠪᠠᠢ᠌ᠨ᠂ ᠨᠢᠯᠪᠣᠰᠤ ᠨᠢ ᠬᠠᠳᠠᠨ᠂ ᠨᠢᠳᠤ ᠨᠢ ᠰᠤᠬᠤᠷᠴᠤ᠂ ᠵᠢᠷᠦᠭᠡ ᠨᠢ ᠴᠢᠯᠠᠭᠤᠵᠢᠭᠰᠠᠨ ᠡᠨᠡ ᠭᠦᠮᠤᠨ ᠡᠨᠡᠭᠡᠨ ᠵᠠᠭᠤᠷ᠎ᠠ ᠮᠠᠯᠳᠠ ᠭᠡᠳᠡᠯ᠎ᠡ ᠣᠭᠢᠯᠠᠴᠢᠬᠠᠬᠤ ᠨᠢ ᠶᠠᠭᠤ ᠪᠢᠯᠠ︖ ᠁
ᠲ᠋ᠡᠭ᠍ᠰᠢ ᠳᠡᠭᠡᠷ᠎ᠡ ᠭᠠᠷᠤᠮᠠᠭᠴᠠ ᠳᠠᠳᠠᠨᠤᠰ ᠢ ᠨᠢᠭᠡ ᠰᠠᠢ᠌ᠬᠠᠨ ᠦᠨᠦᠷ ᠣᠭᠳᠤᠵᠠᠢ᠃ ᠭᠦᠳᠡᠭᠡ ᠭᠠᠵᠠᠷ ᠤᠨ ᠶᠠᠯᠳᠠᠩ ᠴᠡᠩᠭᠡᠷ ᠰᠠᠯᠭᠢᠨ ᠯᠠ ᠠᠪᠴᠤ ᠢᠷᠡᠭᠦ ᠡᠨᠡ ᠦᠨᠦᠷ ᠰᠤᠬᠤᠷ ᠡᠪᠦᠭᠡᠨ ᠤ ᠠᠯᠢᠪᠠ ᠠᠮᠢᠳᠤ ᠮᠠᠳᠠᠷᠠᠯ ᠳᠤ ᠨᠢ ᠰᠢᠩᠭᠡᠵᠤ ᠶᠠᠪᠣᠭᠠᠤᠨ᠂ ᠶᠡᠭᠡ ᠳᠠᠷᠢᠭᠢ ᠯᠤᠭ᠎ᠠ ᠬᠤᠯᠪᠣᠭ᠎ᠠ ᠠᠯᠳᠠᠨ ᠥᠭᠦᠭ᠍ᠰᠡᠨ ᠰᠤᠬᠤᠷ ᠨᠢᠳᠤᠨ ᠳᠤ ᠨᠢ ᠳᠠᠮᠵᠢᠴᠢᠬᠠᠵᠠᠢ᠃ ᠳᠠᠷᠠ ᠬᠠᠵᠠᠭᠤ ᠳ᠋ᠠᠭᠢ ᠵᠠᠯᠠᠭᠤ ᠡᠴᠠ᠄
《ᠪᠣᠯᠠᠭ ᠲᠤ ᠶᠢᠨ ᠵᠤ᠋ ᠳᠤ ᠭᠠᠷᠪᠠ ᠦᠦ︖》 ᠭᠡᠵᠤ ᠠᠰᠠᠭᠤᠯ᠎ᠠ᠃ ᠳᠠᠷᠠ ᠰᠤᠬᠤᠷ ᠭᠦᠮᠤᠨ ᠳᠤᠭᠳᠤᠯᠤᠭᠰᠠᠨ ᠰᠡᠳᠭᠢᠯ ᠤᠨ ᠵᠠᠩᠭ᠋ᠠᠷᠠᠭ ᠲᠤ ᠯᠠ ᠠᠮᠠ ᠠᠯᠳᠠᠭᠰᠠᠨ ᠡᠴᠠ ᠪᠢᠰᠢ᠂ ᠦᠨᠡᠨ ᠳᠡᠭᠡᠨ ᠪᠣᠯᠠᠭ ᠲᠤ ᠶᠢᠨ ᠵᠤ᠋ ᠳᠡᠭᠡᠷ᠎ᠡ ᠭᠠᠷᠴᠤ ᠢᠷᠡᠭ᠍ᠰᠡᠨ ᠢ ᠡᠰᠡ ᠭᠡᠯᠡᠪᠠᠴᠤ ᠮᠠᠳᠠᠵᠤ ᠪᠠᠢ᠌ᠯ᠎ᠠ᠃ ᠴᠡᠩᠭᠡᠷ ᠣᠨᠢᠶᠠᠷ ᠳᠤᠭᠯᠠᠭᠤᠯᠤᠨ ᠴᠡᠴᠡᠭ᠌ ᠤᠨ ᠣᠷᠠᠨ ᠶᠢᠡᠷ ᠴᠢᠮᠡᠭ᠍ᠳᠡᠭ᠍ᠰᠡᠨ ᠡᠨᠡ ᠭᠦ ᠡᠩ ᠵᠠᠬ᠎ᠠ ᠦᠭᠡᠶ ᠦᠷᠭᠡᠨ ᠳᠠᠯ᠎ᠠ ᠴᠡᠩᠭᠡᠷ ᠳᠤᠷᠭᠠᠨ ᠭᠡᠪᠢᠰ ᠮᠠᠳᠤ ᠪᠠᠢ᠌ᠵᠤ᠂ ᠠᠶᠠᠰ ᠤᠨ ᠰᠠᠯᠭᠢᠨ ᠤ ᠠᠶ᠎ᠠ ᠪᠠᠷ ᠠᠮᠤᠷ ᠲᠦᠪᠰᠢᠨ ᠨᠠᠢ᠌ᠭᠤᠨ ᠨᠠᠯᠠᠢ᠌ᠬᠤ ᠣᠭ ᠰᠢᠠᠵᠢ ᠪᠠᠷ ᠶᠢᠡᠨ ᠰᠡᠳᠭᠢᠯ ᠳᠤ ᠨᠢ ᠳᠡᠯᠭᠡᠭ᠍ᠳᠡᠨ᠂ ᠵᠤ᠋ ᠶᠢᠨ ᠳᠡᠭ᠍ᠵᠢᠨ ᠰᠠᠯᠭᠢᠨ ᠡᠷᠭᠦᠵᠤ ᠪᠠᠷᠢᠭᠰᠠᠨ ᠳᠠᠷᠠ ᠦᠨᠦᠷ 《ᠭᠦᠢᠰᠤᠨ ᠤ ᠴᠢᠨᠢ ᠬᠠᠯᠠᠭᠤᠨ ᠴᠢᠰᠤᠨ ᠰᠢᠩᠭᠡᠭ᠍ᠰᠡᠨ ᠭᠠᠵᠠᠷ ᠴᠢᠨᠢ ᠡᠨᠡ》 ᠭᠡᠵᠤ ᠭᠡᠯᠡᠵᠤ ᠪᠠᠢ᠌ᠭ᠎ᠠ ᠰᠢᠭ ᠪᠣᠯᠵᠤ᠂ ᠡᠨᠡ ᠭᠠᠵᠠᠷ ᠰᠢᠷᠤᠢ ᠳᠡᠭᠡᠷ᠎ᠡ ᠪᠠᠭ᠎ᠠ ᠪᠠᠯᠴᠢᠷ᠂ ᠭᠠᠩᠭ᠋ᠠᠩ ᠵᠠᠯᠠᠭᠤ ᠴᠠᠭ ᠨᠢ ᠭᠠᠩᠬᠤᠨ ᠳᠤᠭᠯᠠᠵᠤ ᠶᠠᠪᠣᠭ᠎ᠠ ᠮᠠᠳᠤ ᠥᠵᠡᠭ᠍ᠳᠡᠭᠦ ᠠᠵᠢ᠃ ᠨᠠᠷᠠᠳᠤ ᠳᠤ ᠣᠠᠴᠠ᠂ ᠡ᠊ᠨᠳᠡ ᠡᠴᠡ ᠪᠣᠰᠤᠳ ᠭᠠᠵᠠᠷ ᠲᠤ ᠪᠠᠢ᠌ᠳᠠᠭ ᠦᠭᠡᠶ ᠳᠠᠷᠠ ᠭᠦ ᠣᠶᠠᠬᠠᠨ ᠠᠮᠳᠠᠳᠠᠢ᠌ᠬᠠᠨ᠂ ᠰᠡᠳᠭᠢᠯ ᠤᠨ ᠨᠠᠷᠢᠨ ᠨᠠᠠᠳᠢᠨ ᠢ ᠭᠦᠡᠳᠡᠭᠡᠳᠡᠭ᠌ ᠣᠪᠠᠳᠢᠰ ᠲᠡᠶ ᠦᠨᠦᠷ ᠳᠡᠭᠦᠨ ᠤ ᠰᠡᠳᠭᠢᠯ ᠢ ᠰᠠᠮᠤᠷᠴᠤ ᠳᠠᠪᠠᠯᠭᠠᠯᠠᠭᠤᠯᠤᠨᠠ᠃ ᠭᠤᠴᠢᠨ ᠵᠢᠯ ᠤᠨ ᠳᠤᠷᠰᠢ ᠰᠦᠨᠢ ᠪᠦᠷᠢ ᠵᠡᠭᠦᠳᠦᠯᠡᠵᠤ᠂ ᠡᠳᠦᠷ ᠪᠦᠷᠢ ᠪᠣᠳᠤᠨ᠂ ᠴᠠᠭ ᠪᠦᠷᠢ ᠰᠠᠨᠠᠵᠤ ᠢᠷᠡᠭ᠍ᠰᠡᠨ ᠡᠨᠡ ᠰᠠᠢ᠌ᠬᠠᠨ ᠬᠤᠷᠸ᠎ᠠ ᠶᠢᠨ ᠡᠢ᠌ᠮᠤ ᠰᠠᠢ᠌ᠬᠠᠨ ᠦᠨᠦᠷ ᠳᠡᠭᠦᠨ ᠢ ᠨᠢᠯᠪᠣᠰᠤ ᠠᠰᠬᠠᠷᠠᠭᠤᠯᠬᠤ ᠳᠤ ᠭᠦᠷᠭᠡᠭᠦ ᠨᠢ ᠵᠢᠮ᠎ᠠ ᠳ᠋ᠠ᠃ ᠳᠠᠷᠠ ᠪᠠᠷ ᠴᠠᠭᠠᠨ ᠮᠤᠷᠢᠨ ᠭᠦᠯᠪᠠᠭᠡᠳᠡᠪᠠᠯ ᠣᠯᠠᠭᠠᠨ ᠪᠣᠯᠵᠤ ᠪᠣᠰᠳᠠᠭ ᠦᠣᠡᠭᠡᠨ ᠪᠦᠭᠡᠯᠵᠢᠷᠭᠡᠨᠡ ᠲᠡᠶ ᠡᠨᠡ ᠵᠤ᠋ ᠣᠨᠠᠵᠤ ᠳᠠᠭᠤ ᠳᠠᠯᠪᠢᠨ ᠣᠭᠢᠯᠠᠮᠠᠷ ᠰᠠᠨᠠᠭᠳᠠᠨ᠎ᠠ᠃ ᠭᠡᠪᠠᠴᠤ ᠳᠡᠭᠦᠨ ᠤ ᠣᠶᠤᠨ ᠳᠠᠷᠢᠭᠢ ᠳᠤ 《ᠳᠡᠭᠡᠭᠦ ᠡᠷᠭᠡ ᠨᠠᠳᠠ ᠳᠤ ᠦᠭᠡᠶ》 ᠭᠡᠭᠦ ᠪᠣᠳᠤᠯ ᠣᠷᠤᠵᠤ ᠢᠷᠡᠭᠡᠳ ᠭᠤᠤᠯ ᠨᠢ ᠬᠠᠷᠠᠯᠠᠵᠠᠢ᠃ ᠳᠡᠭᠡᠭᠡᠳ ᠯᠠ ᠬᠠᠵᠠᠭᠤ ᠳ᠋ᠠᠭᠢ ᠵᠠᠯᠠᠭᠤ ᠳᠤ ᠨᠢᠯᠪᠣᠰᠤ ᠪᠠᠨ ᠥᠵᠡᠭᠦᠯᠭᠦ ᠡᠴᠡ ᠵᠢᠷᠦᠭᠡ ᠨᠢ ᠰᠢᠮᠰᠢᠷᠠᠵᠤ ᠬᠤᠶᠠᠷ ᠭᠠᠷ ᠶᠢᠡᠷ ᠶᠢᠡᠨ ᠳᠤᠯᠤᠭᠠᠢ ᠪᠠᠨ ᠳᠠᠷᠤᠵᠤ ᠨᠢᠯᠪᠣᠰᠤ ᠪᠠᠨ ᠵᠤᠭᠰᠤᠭᠠᠬᠤ ᠭᠡᠵᠤ ᠣᠷᠤᠯᠳᠤᠪᠠᠴᠤ ᠪᠣᠳᠤᠯ ᠶᠢᠡᠷ ᠪᠣᠯᠵᠤ ᠦᠭᠭᠦᠯ ᠦᠭᠡᠶ ᠬᠠᠯᠠᠭᠤᠨ ᠨᠢᠯᠪᠣᠰᠤ ᠬᠠᠮᠠᠷ ᠢ ᠲᠠᠭᠠᠨ ᠣᠷᠤᠰᠴᠤ ᠪᠠᠢ᠌ᠯ᠎ᠠ᠃
ᠲ᠋ᠡᠷᠭᠡ ᠵᠤ᠋ ᠪᠠᠷ ᠣᠷᠤᠭᠰᠢᠯᠠᠬᠤ ᠳᠤᠳᠤᠮ ᠰᠠᠶᠢᠭᠢ ᠰᠠᠢ᠌ᠬᠠᠨ ᠦᠨᠦᠷ ᠣᠯᠠᠮ ᠬᠠᠮᠠᠷ ᠴᠤᠯᠭᠢᠨ ᠠᠩᠭᠢᠨᠠᠵᠤ᠂ ᠰᠤᠬᠤᠷ ᠡᠪᠦᠭᠡᠨ ᠤ ᠰᠢᠷᠬ᠎ᠠ ᠲᠡᠶ ᠵᠢᠷᠦᠭᠡ ᠶᠢ ᠢᠯᠪᠢᠨ ᠠᠨᠠᠭᠠᠭᠠᠤᠨ᠂ ᠡᠭᠡ ᠶᠢᠨ ᠡᠩᠭᠦᠷᠡᠢ᠌ᠯᠡᠯ᠂ ᠡᠴᠢᠭᠡ ᠶᠢᠨ ᠠᠴᠢ᠂ ᠢᠨᠠᠭ ᠪᠦᠰᠡᠭᠦᠢ ᠶᠢᠨ ᠬᠠᠢ᠌ᠷ᠎ᠠ ᠶᠢᠨ ᠬᠠᠷ᠎ᠠ ᠨᠢᠳᠤ ᠁ ᠳᠤᠯᠤᠭᠠᠢ ᠪᠠᠷ ᠥᠩᠭᠡᠷᠡᠭᠦᠯᠦᠭ᠍ᠰᠡᠨ ᠬᠠᠷ᠎ᠠ ᠵᠤᠪᠠᠯᠠᠩ᠂ ᠬᠠᠯᠠ ᠳᠤᠷᠤᠮᠵᠢᠯᠠᠯ᠂ ᠬᠠᠳᠠᠭᠤ ᠭᠦᠵᠢᠷᠯᠡᠯ ᠁ ᠁ ᠵᠡᠷᠭᠡ᠂ ᠪᠦᠭᠦᠨ ᠢ ᠰᠠᠨᠠᠭᠳᠠᠭᠤᠯᠵᠤ ᠶᠠᠪᠣᠨ᠎ᠠ᠃ 《ᠪᠢ ᠦᠨᠡᠨ ᠭᠤᠤᠯ ᠵᠢᠷᠦᠭᠡ᠂ ᠬᠠᠯᠠᠭᠤᠨ ᠬᠠᠢ᠌ᠷ᠎ᠠ ᠭᠦᠰᠡᠯ ᠶᠢᠡᠷ ᠰᠠᠭᠤᠷᠢᠯᠠᠭᠳᠠᠭᠰᠠᠨ ᠠᠮᠢᠳᠤᠷᠠᠯ ᠤᠨ ᠶᠢᠡᠨ ᠬᠠᠷᠢᠭᠤ ᠳᠤ ᠶᠠᠭᠤ ᠪᠠᠨ ᠡᠷᠭᠦᠯ᠎ᠡ︖ ᠣᠷᠭᠤᠵᠤ ᠪᠠᠢ᠌ᠭ᠎ᠠ ᠨᠤᠭᠤᠭᠠᠨ ᠳᠡᠭᠡᠷ᠎ᠡ ᠭᠠᠯ ᠨᠤᠷᠮ᠎ᠠ ᠠᠰᠬᠠᠵᠤ᠂ ᠣᠯᠠᠯᠵᠠᠵᠤ ᠪᠠᠢ᠌ᠭ᠎ᠠ ᠭᠤᠯᠤᠮᠳᠠ ᠪᠠᠷ ᠶᠢᠡᠨ ᠣᠰᠤ ᠭᠢᠭ᠍ᠰᠡᠨ ᠶᠤᠮ ᠳ᠋ᠠ︕》 ᠭᠡᠵᠤ ᠪᠣᠳᠤᠬᠤ ᠳᠤ ᠰᠤᠬᠤᠷ ᠡᠪᠦᠭᠡᠨ ᠤ ᠭᠤᠤᠯ ᠨᠢ ᠬᠠᠷᠠᠯᠠᠨ ᠵᠠᠩᠭᠢᠷᠠᠵᠤ᠂ ᠭᠠᠭᠴᠠ ᠭᠦ ᠨᠢᠯᠪᠣᠰᠤ ᠣᠨᠠᠭᠠᠬᠤ ᠡᠴᠠ ᠣᠠᠳᠤᠤ ᠠᠷᠭ᠎ᠠ ᠳᠡᠩᠭᠡᠭᠡ ᠦᠭᠡᠶ ᠪᠠᠢ᠌ᠪᠠ᠃
ᠰᠥᠭᠡ ᠶᠢᠨ ᠢᠷ ᠲᠤ ᠠᠯᠢᠪᠠ ᠰᠠᠢ᠌ᠬᠠᠨ ᠶᠢᠡᠨ ᠠᠯᠳᠠᠵᠤ ᠪᠣᠷᠤᠭ᠎ᠠ ᠰᠠᠯᠭᠢᠨ ᠳᠤ ᠳᠤᠭ᠎ᠠ ᠦᠭᠡᠶ ᠣᠯᠠᠨ ᠵᠢᠯ ᠭᠤᠶᠠᠳᠠᠭᠳᠠᠨ ᠥᠮᠦᠭᠢᠷᠡᠭᠡᠳ᠂ ᠦᠨᠳᠦᠰᠦ ᠪᠠᠷ ᠶᠢᠡᠨ ᠪᠣᠯᠭᠤᠷᠠᠬᠤ ᠪᠠᠨ ᠭᠦᠯᠢᠶᠡᠨ ᠪᠠᠢ᠌ᠭ᠎ᠠ ᠬᠤᠵᠤᠤᠯ᠎ᠠ ᠮᠠᠳᠤ ᠪᠣᠯᠤᠭᠰᠠᠨ ᠰᠤᠬᠤᠷ ᠡᠪᠦᠭᠡᠨ ᠤ ᠬᠠᠷᠠᠭ᠎ᠠ ᠦᠭᠡᠶ ᠬᠤᠶᠠᠷ ᠨᠢᠳᠤ ᠨᠢ ᠡᠭᠢᠯᠡᠨ ᠪᠣᠯᠠᠭᠯᠠᠬᠤ ᠳᠤ ᠨᠢ ᠰᠡᠳᠭᠢᠯ ᠡᠪᠠᠦᠡᠴᠤ ᠶᠠᠪᠣᠭᠰᠠᠨ ᠪᠣᠯ ᠣᠳᠤ ᠳᠡᠭᠦᠨ ᠤ ᠬᠠᠷ᠎ᠠ ᠴᠠᠭᠠᠨ ᠳᠠᠭᠤ ᠴᠤ ᠦᠭᠡᠶ ᠣᠭᠢᠯᠠᠨ ᠪᠠᠢ᠌ᠬᠤ ᠶᠢ ᠦᠵᠡᠵᠤ ᠳᠡᠷᠭᠡᠴᠢ ᠵᠠᠯᠠᠭᠤ ᠣᠶᠠᠷᠠᠭᠠᠤᠨ᠄
᠊᠊᠊᠊᠊᠊᠊᠊᠊᠊᠊᠊᠊᠊᠊ ᠡᠪᠦᠭᠡᠨ ᠡ︕ ᠪᠢᠳᠠᠨ ᠡᠨᠡ ᠪᠣᠯᠠᠭ ᠤᠨ ᠭᠦᠪᠠᠭᠡ ᠳᠤ ᠪᠠᠬᠠᠨ ᠠᠮᠠᠷᠠᠵᠤ᠂ ᠮᠤᠷᠢ ᠪᠠᠨ ᠭᠡᠳᠤ ᠬᠠᠵᠠᠭᠤᠯᠵᠤ ᠠᠪᠬᠤ ᠦᠦ ᠳ᠋ᠠ︖ ᠭᠡᠪᠡ᠃
ᠵᠤᠯᠤᠭᠰᠠᠨ ᠨᠤᠤᠰᠤ ᠮᠠᠳᠤ ᠵᠥᠭᠡᠯᠡᠨ ᠭᠦᠭᠡ ᠡᠪᠠᠰᠤᠨ ᠳᠡᠭᠡᠷ᠎ᠡ ᠡᠯᠢᠭᠡᠳᠡᠨ ᠭᠡᠪᠳᠡᠭ᠍ᠰᠡᠨ ᠰᠤᠬᠤᠷ ᠡᠪᠦᠭᠡᠨ᠂ ᠡᠵᠢ ᠶᠢᠨ ᠭᠢᠨᠢ ᠦᠨᠦᠷ ᠲᠡᠶ ᠠᠳᠠᠯᠢᠬᠠᠨ ᠨᠤᠳᠤᠭ ᠤᠨ ᠦᠨᠦᠷ ᠡᠴᠡ ᠪᠣᠰᠤᠳ ᠶᠠᠭᠤᠮ᠎ᠠ ᠶᠢ ᠮᠡᠳᠡᠷᠡᠭᠦ ᠣᠬᠠᠭ᠎ᠠ ᠰᠠᠳᠪᠣᠷᠢ ᠥᠭᠡᠢ᠌ᠳᠡᠵᠤ᠂ ᠨᠢᠯᠬ᠎ᠠ ᠪᠠᠭ᠎ᠠ ᠴᠠᠭ ᠳᠠᠭᠢ ᠡᠵᠢ ᠶᠢᠨ ᠶᠢᠡᠨ ᠮᠤᠳᠤᠨ ᠳᠠᠪᠰᠢ ᠡᠴᠡ ᠵᠥᠭᠡᠭᠡᠢ ᠬᠤᠯᠠᠭᠠᠢ᠌ᠯᠠᠨ ᠢᠳᠡᠳᠡᠭ᠌ ᠤᠨ ᠠᠳᠠᠯᠢ ᠳᠠᠢ᠌ᠮᠤ ᠪᠠᠷᠢᠴᠠ ᠪᠠᠷ ᠴᠢᠭᠢᠭ᠌ ᠲᠡᠶ ᠬᠠᠷ᠎ᠠ ᠰᠢᠷᠤᠢ ᠡᠴᠠ ᠭᠤᠷᠪᠠᠨ ᠬᠤᠷᠤᠭᠤ ᠪᠠᠷ ᠶᠢᠡᠨ ᠴᠢᠮᠭᠢᠨ ᠠᠪᠣᠭᠠᠤᠨ ᠣᠷᠤᠭᠤᠯ ᠳᠠᠭᠠᠨ ᠭᠢᠪᠠ᠃ ᠳᠤᠯᠤᠭᠠᠢ ᠪᠠᠨ ᠣᠷᠤᠭᠤ ᠳᠠᠷᠤᠵᠤ ᠰᠢᠷᠤᠢ ᠵᠠᠵᠢᠯᠵᠤ ᠪᠠᠢ᠌ᠭᠰᠠᠨ ᠶᠢᠡᠨ ᠡᠪᠦᠭᠡᠨ ᠭᠡᠨᠡᠳᠲᠡ ᠣᠷᠭᠢᠷᠠᠨ ᠣᠭᠢᠯᠠᠵᠤ ᠡᠭᠢᠯᠡᠭᠡᠳ᠄ 《ᠰᠠᠢ᠌ᠬᠠᠨ ᠨᠤᠳᠤᠭ ᠮᠢᠨᠢ︕ ᠬᠠᠢ᠌ᠷᠠᠨ ᠨᠤᠳᠤᠭ ᠮᠢᠨᠢ︕》 ᠭᠡᠵᠤ ᠦᠰᠦ ᠭᠡᠵᠢᠭᠡ ᠪᠠᠨ ᠣᠢᠮᠳᠠᠢ᠌ᠴᠢᠨ ᠭᠠᠵᠠᠷ ᠮᠠᠭᠠᠵᠢᠨ ᠳᠠᠭᠤ ᠳᠠᠯᠪᠢᠪᠠ᠃ ᠳᠡᠭᠦᠨ ᠤ ᠪᠠᠷᠭᠢᠷᠠᠭᠰᠠᠨ ᠳᠠᠭᠤ ᠨᠢ ᠬᠠᠷ᠎ᠠ ᠣᠢ᠌ᠯᠠ ᠳᠠᠳᠠᠵᠤ ᠬᠠᠪᠬ᠎ᠠ ᠳᠤ ᠣᠨᠠᠭᠰᠠᠨ ᠠᠶᠤᠤ ᠶᠢᠨ ᠠᠷᠭᠢᠷᠠᠭᠠ ᠰᠢᠭ ᠭᠠᠰᠢᠭᠤᠨ ᠪᠦᠭᠡᠳ ᠭᠡᠨᠡᠭᠡᠷᠢᠳᠡᠢ* ᠪᠠᠢ᠌ᠪᠠ᠃ ᠳᠡᠭᠡᠵᠤ ᠳᠡᠭᠡᠭᠡᠳ ᠡᠪᠦᠭᠡᠨ ᠠᠶᠠᠨ ᠳᠠᠭᠠᠨ ᠨᠠᠮᠳᠠᠵᠤ᠂ ᠥᠭᠡ ᠳᠠᠭᠤ ᠳᠠᠰᠤᠷᠠᠨ ᠬᠤᠮᠤᠬᠠᠢ ᠬᠤᠷᠤᠭᠤ ᠪᠠᠷ ᠶᠢᠡᠨ ᠭᠠᠵᠠᠷ ᠬᠤᠴᠢᠯᠠᠨ ᠰᠠᠭᠤᠬᠤ ᠳᠠᠭᠠᠨ ᠭᠠᠰᠢᠭᠤᠨ ᠴᠢᠨᠠᠷ ᠤᠨ ᠫᠣᠫᠣᠷᠤᠰ* ᠳᠠᠮᠠᠭᠢ ᠭᠠᠷᠭᠠᠵᠤ ᠳᠤᠮᠳᠠ ᠬᠤᠷᠤᠭᠤ ᠶᠢᠨ ᠭᠢᠷᠢ ᠲᠡᠶ ᠳᠤᠮᠤ ᠭᠡᠳᠡᠭ᠌ ᠣᠷᠢᠶᠠᠨ ᠣᠮᠤᠯᠭᠠᠭᠠᠤᠨ᠂ ᠭᠠᠰᠢᠭᠤᠨ ᠭᠦᠭᠡ ᠣᠳᠤᠭ᠎ᠠ ᠶᠢ ᠪᠦᠭᠦᠯᠢ ᠪᠦᠷᠢᠨ ᠶᠢᠡᠷ ᠨᠢ ᠭᠦᠴᠦᠳᠡᠢ ᠭᠡᠳᠦᠢ ᠰᠤᠷᠤᠵᠤ ᠠᠪᠣᠭᠠᠤᠨ ᠨᠢᠳᠤ ᠪᠠᠨ ᠳᠠᠭ ᠠᠨᠢᠴᠢᠬᠠᠯᠠ᠃ ᠫᠣᠫᠣᠷᠤᠰ ᠳᠠᠮᠠᠭᠢ ᠶᠢᠨ ᠣᠢ᠌ᠯᠠᠳᠤᠯ ᠪᠣᠯᠤᠯᠳᠠᠢ︕ ᠡᠪᠦᠭᠡᠨ ᠳᠠᠮᠠᠢ ᠣᠳᠠᠯ ᠦᠭᠡᠶ ᠪᠠᠶ᠎ᠠ ᠪᠠᠨ ᠴᠢᠭᠢᠯᠠᠨ ᠰᠠᠭᠤᠪᠠ᠃ ᠳᠡᠭᠡᠭ᠍ᠰᠡᠨ ᠳᠤ ᠳᠡᠷᠭᠡᠴᠢ ᠵᠠᠯᠠᠭᠤ ᠵᠠᠪᠰᠢᠶ᠎ᠠ ᠵᠠᠪᠰᠢᠵᠤ ᠡᠪᠦᠭᠡᠨ ᠤ ᠠᠯᠳᠠᠷ ᠢ ᠠᠰᠠᠭᠤᠵᠤ᠂ ᠥᠭᠡ ᠡᠳᠡᠭ᠍ᠰᠡᠨ ᠳᠤ᠄
᠊᠊᠊᠊᠊᠊᠊᠊᠊᠊᠊᠊᠊᠊᠊ ᠠᠢ ᠵᠠᠯᠠᠭᠤ᠂ ᠴᠢ ᠳᠡᠭᠡᠭᠡᠳ ᠭᠡᠨ ᠤ ᠭᠦᠪᠠᠭᠦᠨ ᠪᠣᠢ︖ ᠭᠡᠵᠤ ᠬᠠᠷᠢᠭᠤ ᠠᠰᠠᠭᠤᠯ᠎ᠠ᠃
᠊᠊᠊᠊᠊᠊᠊᠊᠊᠊᠊᠊᠊᠊᠊ ᠷᠠᠰᠢ ᠶᠢᠨ︕
᠊᠊᠊᠊᠊᠊᠊᠊᠊᠊᠊᠊᠊᠊᠊ ᠤᠢ᠌ᠴᠢᠨ ᠷᠠᠰᠢ ᠦᠦ︖ ᠬᠤᠨᠢᠴᠢᠨ ᠷᠠᠰᠢ ᠦᠦ︖
᠊᠊᠊᠊᠊᠊᠊᠊᠊᠊᠊᠊᠊᠊᠊ ᠤᠢ᠌ᠴᠢᠨ ᠷᠠᠰᠢ︕
᠊᠊᠊᠊᠊᠊᠊᠊᠊᠊᠊᠊᠊᠊᠊ ᠣ ᠴᠠᠪᠠᠰᠤ ᠁ ᠰᠠᠢ᠌ᠨ ᠰᠠᠢ᠌ᠨ︕ ᠠᠪᠣ ᠡᠵᠢ ᠴᠢᠨᠢ ᠰᠠᠢ᠌ᠨ ᠪᠠᠢ᠌ᠨ᠎ᠠ ᠦᠦ︖ ᠷᠠᠰᠢ ᠪᠢᠳᠠᠨ ᠬᠤᠶᠠᠷ ᠭᠡᠵᠤ ᠨᠢᠭᠡ ᠵᠢᠯ ᠤᠨ ᠲᠦᠯ᠂ ᠨᠢᠭᠡ ᠵᠠᠯ᠎ᠠ ᠶᠢᠨ ᠣᠨᠠᠭᠠᠨ ᠪᠢᠯᠠ︕ ᠭᠡᠵᠤ ᠭᠡᠯᠡᠭᠦ ᠳᠤ ᠴᠢᠷᠠᠢ ᠳᠤ ᠨᠢ ᠠᠷᠠᠢ ᠠᠮᠢᠨ ᠣᠷᠤᠵᠤ ᠪᠠᠢ᠌ᠭ᠎ᠠ ᠮᠠᠳᠤ ᠭᠦᠳᠡᠯᠤᠨ᠎ᠡ᠃
᠊᠊᠊᠊᠊᠊᠊᠊᠊᠊᠊᠊᠊᠊᠊ ᠠᠪᠣ᠂ ᠳᠠ ᠭᠡᠨ ᠭᠡᠭ᠍ᠴᠢ ᠭᠦᠮᠤᠨ ᠪᠢᠯᠠ︖ ᠨᠤᠳᠤᠭ ᠡᠴᠠ ᠪᠠᠨ ᠭᠡᠵᠢᠶ᠎ᠡ ᠰᠠᠯᠵᠤ᠂ ᠬᠠᠮᠢᠭ᠎ᠠ ᠬᠠᠮᠢᠭ᠎ᠠ ᠪᠠᠷ ᠶᠠᠪᠣᠭᠠᠤᠨ ᠢᠷᠠᠵᠤ ᠪᠠᠢ᠌ᠨ᠎ᠠ ᠳᠠ︖ ᠭᠡᠵᠤ ᠡᠳᠦᠷ ᠰᠤᠮᠤᠨ ᠡᠴᠠ ᠭᠠᠷᠬᠤ ᠳᠤ ᠨᠢ ᠵᠠᠮ ᠳᠡᠭᠡᠷ᠎ᠡ ᠡᠴᠡ 《ᠣᠢ ᠶᠢᠨ ᠳᠠᠯᠠᠪᠠᠢ ᠳᠤ ᠣᠤᠠᠬᠤ ᠭᠦᠮᠤᠨ ᠪᠠᠢ᠌ᠨ᠎ᠠ》 ᠭᠡᠳ ᠨᠢᠭᠡ ᠳᠠᠨᠢᠯ ᠭᠦᠮᠤᠨ ᠡᠨᠡ ᠡᠪᠦᠭᠡᠨ ᠢ ᠳᠡᠷᠭᠡᠨ ᠳᠤ ᠭᠠᠷᠭᠠᠵᠤ ᠦᠭᠭᠦᠭ᠍ᠰᠡᠨ ᠡᠴᠡ ᠨᠠᠭᠠᠰᠢ᠂ ᠢᠷᠠᠯ ᠣᠴᠢᠷ ᠶᠢᠡᠨ ᠮᠡᠳᠡᠯᠴᠡᠭᠡᠳ ᠦᠭᠡᠶ ᠵᠠᠯᠠᠭᠤ ᠠᠰᠠᠭᠤᠪᠠ᠃
ᠡᠪᠦᠭᠡᠨ ᠣᠳᠠᠭᠠᠨ ᠭᠡᠭ᠍ᠴᠢ ᠶᠢᠨ ᠳᠤᠨᠤᠵᠤ ᠰᠠᠭᠤᠭᠰᠠᠨ ᠶᠢᠡᠨ᠄
᠊᠊᠊᠊᠊᠊᠊᠊᠊᠊᠊᠊᠊᠊᠊ ᠴᠢ ᠤᠢ᠌ᠴᠢᠨ ᠷᠠᠰᠢ ᠁ ᠨᠠᠢ᠌ᠵᠠ ᠶᠢᠨ ᠮᠢᠨᠢ ᠭᠦᠪᠠᠭᠦᠨ ᠰᠢᠤ ᠁ ᠭᠡᠵᠤ ᠪᠠᠳᠤᠯᠠᠬᠤ ᠮᠠᠳᠤ ᠥᠭᠦᠯᠡᠭ᠍ᠰᠡᠨ ᠶᠢᠡᠨ 《ᠵᠠ᠂ ᠪᠢ ᠭᠡᠨ ᠭᠡᠳᠡᠭ᠌ ᠶᠢᠡᠨ ᠴᠢᠮ᠎ᠠ ᠳᠤ ᠭᠡᠯᠡᠵᠤ ᠦᠭᠭᠦᠶ᠎ᠡ︕ ᠴᠢᠭᠯᠡᠭ᠍ᠰᠡᠨ ᠭᠠᠵᠠᠷ ᠲᠠᠭᠠᠨ ᠭᠦᠷᠭᠦ ᠡᠴᠡ ᠣᠷᠢᠳᠤ ᠁ ᠴᠡᠭᠡᠵᠢ ᠪᠠᠨ ᠪᠠᠬᠠᠨ ᠠᠭᠤᠵᠢᠷᠠᠭᠤᠯᠤᠶᠠ︕ ᠰᠡᠳᠭᠢᠯ ᠪᠦᠭᠡᠵᠢᠭᠦ ᠪᠠᠢ᠌ᠬᠤ︕》 ᠭᠡᠵᠤ ᠭᠡᠯᠡᠭᠡᠳ ᠭᠦᠨ ᠰᠠᠨᠠᠭ᠎ᠠ ᠠᠯᠳᠠᠵᠤ ᠠᠪᠣᠭᠠᠤᠨ ᠥᠭᠡ ᠪᠠᠨ ᠦᠷᠭᠦᠯᠵᠢᠯᠡᠭᠦᠯᠪᠡ ᠁
ᠡᠨᠡ ᠭᠡᠨ ᠪᠢᠯᠠ
ᠭᠤᠴᠢᠨ ᠵᠢᠯ ᠤᠨ ᠡᠮᠦᠨᠡᠭᠢ ᠣᠴᠢᠷ ᠡ︕ ᠪᠢ ᠬᠤᠷᠢᠨ ᠨᠠᠰᠤᠨ ᠤ ᠪᠠᠨ ᠨᠠᠮᠤᠷ ᠨᠢ ᠭᠡᠷᠯᠡᠵᠤ᠂ ᠡᠪᠦᠯ ᠨᠢ ᠬᠠᠷᠭᠠᠢ᠌ᠳᠤ ᠶᠢᠨ ᠪᠠᠯ ᠳᠤ ᠡᠪᠦᠯᠵᠢᠵᠤ ᠪᠠᠢ᠌ᠭᠰᠠᠨ ᠶᠤᠮ᠃ ᠭᠦᠭ᠍ᠰᠢᠨ ᠡᠭᠡ᠂ ᠭᠦᠭᠡᠷᠦᠭᠦᠨ ᠪᠦᠰᠡᠭᠦᠢ ᠬᠤᠶᠠᠷ ᠠᠮᠢᠳᠤᠷᠠᠯ ᠳᠤ ᠮᠢᠨᠢ ᠨᠠᠷᠠ ᠰᠠᠷ᠎ᠠ ᠪᠣᠯᠵᠤ᠂ ᠠᠯᠢᠪᠠ ᠰᠠᠢ᠌ᠨ ᠰᠠᠢ᠌ᠬᠠᠨ ᠢ ᠪᠢ ᠡᠳ᠋ᠯᠡᠵᠤ ᠵᠢᠷᠭᠠᠯᠳᠠᠢ᠌ᠬᠠᠨ ᠠᠮᠢᠳᠤᠷᠠᠵᠤ ᠪᠠᠢ᠌ᠯ᠎ᠠ᠃
ᠡᠮᠤᠨ᠎ᠡ ᠨᠠᠮᠤᠷ ᠨᠢ ᠳᠤᠳᠤᠷ᠎ᠠ ᠭᠠᠵᠠᠷ ᠡᠴᠠ ᠢᠷᠡᠭ᠍ᠰᠡᠨ ᠭᠠᠭᠴᠠ ᠪᠠᠶ᠎ᠠ ᠴᠠᠭᠠᠴᠢᠨ ᠡᠷ᠎ᠡ ᠲᠡᠶ ᠳᠠᠨᠢᠯᠴᠠᠭᠰᠠᠨ ᠶᠤᠮ᠃ ᠳᠠᠷᠠ ᠨᠥᠭᠦᠷ ᠡᠪᠦᠯ ᠤᠨ ᠡᠭᠢᠨ ᠰᠠᠷ᠎ᠠ ᠳᠤ ᠨᠢᠭᠡ ᠢᠷᠠᠵᠤ ᠬᠠᠷᠭᠠᠢ᠌ᠳᠤ ᠶᠢᠨ ᠪᠠᠯ ᠳ᠋ᠠᠭᠢ ᠳᠠᠭᠢᠯᠭ᠎ᠠ ᠶᠢᠨ ᠪᠣᠯᠠᠭ ᠢ ᠪᠠᠷᠢᠵᠤ ᠣᠷᠭᠤᠭᠰᠠᠨ ᠦᠣᠡᠭᠡᠨ ᠬᠤᠰᠤᠮ ᠡᠴᠠ ᠭᠡᠳᠦᠢ ᠶᠢ ᠬᠤᠯᠠᠭᠠᠢ ᠪᠠᠷ ᠭᠡᠷᠴᠢᠵᠤ ᠶᠠᠪᠣᠭᠰᠠᠨ ᠢ ᠨᠢ ᠪᠢ ᠥᠵᠡᠭ᠍ᠰᠡᠨ ᠪᠣᠯᠳᠠᠭ᠃ ᠣᠷᠢᠳᠤ ᠡᠴᠠ ᠮᠠᠨ ᠤ ᠭᠢᠨ ᠨᠤᠳᠤᠭ ᠰᠤᠮᠤ ᠪᠠᠷ ᠶᠢᠡᠨ ᠳᠠᠭᠢᠵᠤ ᠢᠷᠡᠭ᠍ᠰᠡᠨ ᠳᠠᠭᠢᠯᠭ᠎ᠠ ᠶᠢᠨ ᠬᠤᠰᠤᠮ ᠳᠤ ᠠᠮᠢᠳᠠᠢ ᠭᠦᠮᠤᠨ ᠭᠠᠷ ᠭᠦᠷᠳᠡᠭ᠌ ᠦᠭᠡᠶ᠂ ᠠᠶᠤᠯ ᠠᠯᠳᠠᠴᠠ ᠪᠣᠯᠤᠨ᠎ᠠ ᠭᠡᠵᠤ ᠰᠥᠵᠢᠭᠯᠡᠨ᠂ ᠭᠠᠷ ᠭᠦᠯ ᠡᠴᠡ ᠪᠠᠨ ᠰᠠᠯᠵᠤ᠂ ᠳᠤᠯᠤᠭᠠᠢ ᠪᠠᠷ ᠶᠢᠡᠨ ᠨᠠᠭᠠᠳᠤᠨ᠎ᠠ ᠭᠡᠵᠤ ᠰᠡᠵᠢᠭᠯᠡᠨ ᠶᠠᠷᠤ ᠨᠢ ᠠᠭᠢᠷᠠᠭᠰᠠᠨ ᠠᠴᠠ᠂ ᠬᠤᠭᠤᠷᠠᠭᠰᠠᠨ ᠰᠠᠯᠠᠭ᠎ᠠ ᠶᠢ ᠨᠢ ᠴᠤ ᠭᠦᠡᠳᠡᠭᠡᠳᠡᠭ᠌ ᠦᠭᠡᠶ ᠶᠤᠮ ᠪᠢᠯᠠ᠃ ᠮᠤᠬᠤᠷ ᠰᠥᠰᠦᠭ᠌ ᠡᠴᠡ ᠴᠢᠯᠦᠭᠡᠯᠡᠭ᠍ᠳᠡᠭ᠍ᠰᠡᠨ ᠵᠠᠯᠠᠭᠤᠰ ᠴᠤ 《ᠨᠤᠳᠤᠭ ᠤᠨ ᠪᠠᠢ᠌ᠭᠠᠯᠢ ᠶᠢᠨ ᠴᠡᠴᠡᠷᠯᠢᠭ᠌》 ᠭᠡᠵᠤ ᠬᠠᠢ᠌ᠷᠠᠯᠠᠨ ᠬᠠᠮᠠᠭᠠᠯᠠᠭᠳᠠᠭ ᠪᠢᠯᠠ᠃ ᠴᠠᠭᠠᠴᠢᠨ ᠨᠥᠭᠦᠷ ᠭᠡᠵᠢᠶ᠎ᠡ ᠪᠠᠨ ᠳᠠᠭᠢᠷᠠᠵᠤ ᠮᠤᠬᠤᠷᠠᠵᠤ ᠣᠢ᠌ᠯᠠ ᠪᠠᠨ ᠥᠵᠡᠭᠦ ᠪᠣᠯᠪᠠ ᠳ᠋ᠠ ᠭᠡᠳ ᠬᠤᠭᠢ ᠥᠵᠡᠭᠦ ᠪᠠᠷ ᠭᠦᠯᠢᠶᠡᠵᠤ ᠰᠢᠨ᠎ᠡ ᠵᠢᠯ ᠤᠨ ᠡᠭᠦᠳᠡᠨ ᠳᠤ ᠭᠦᠷᠦᠯ᠎ᠡ᠃ ᠰᠢᠨ᠎ᠡ ᠵᠢᠯ ᠤᠨ ᠪᠠᠶᠠᠷ ᠶᠢᠡᠷ ᠴᠠᠭᠠᠴᠢᠨ ᠨᠠᠢ᠌ᠵᠠ ᠶᠢᠨ ᠶᠢᠡᠨ ᠭᠠᠵᠠᠷ ᠨᠥᠭᠡᠨ ᠭᠡᠷ ᠲᠤ ᠨᠢ ᠣᠷᠤᠬᠤᠯ᠎ᠠ᠂ ᠡ ᠯᠠᠮᠠ ︕ ᠭᠡᠷ ᠶᠢᠡᠷ ᠳᠦᠭᠦᠷᠡᠩ ᠰᠢᠷᠡᠭᠡ ᠰᠠᠠᠳᠠᠯᠢ᠂ ᠠᠪᠳᠠᠷ᠎ᠠ ᠥᠭᠡᠭ᠌ ᠭᠢᠵᠤ ᠣᠷᠭᠢᠭᠰᠠᠨ ᠪᠠᠢ᠌ᠭ᠎ᠠ ᠰᠠᠠᠵᠢ᠃ ᠬᠤᠰᠤᠮ ᠶᠢᠡᠷ ᠭᠢᠭ᠍ᠰᠡᠨ ᠡᠳ᠋ ᠭᠡᠳᠡᠭ᠌ ᠴᠢᠨᠢ ᠪᠠᠭᠡᠵᠢᠩ ᠡᠮᠡᠭᠡᠯ᠂ ᠵᠤᠤ ᠶᠢᠨ ᠴᠥᠭᠦᠴᠡ ᠰᠢᠭ᠌ ᠤᠨ ᠳᠠᠢ᠌ᠮᠤ ᠰᠠᠢ᠌ᠬᠠᠨ ᠥᠩᠭᠡ ᠡᠷᠢᠶ᠎ᠡ ᠲᠡᠶ ᠪᠣᠯᠳᠠᠭ ᠵᠢᠭᠢ ᠯᠠᠢ᠃
ᠲ᠋ᠡᠭᠦᠨ ᠢ ᠥᠵᠡᠭᠡᠳ ᠮᠢᠨᠤ ᠨᠢᠳᠤ ᠣᠯᠠᠢ᠌ᠵᠤ᠂ ᠭᠡᠳᠤᠨ ᠡᠳᠦᠷ ᠤᠨ ᠳᠠᠷᠠᠭ᠎ᠠ ᠪᠢ ᠴᠤ ᠰᠦᠨᠢ ᠪᠠᠷ ᠬᠤᠶᠠᠷ ᠬᠤᠰᠤᠮ ᠭᠡᠷᠴᠢᠵᠤ᠂ ᠬᠤᠯᠠᠭᠠᠢ ᠪᠠᠷ ᠴᠠᠭᠠᠴᠢᠨ ᠨᠠᠢ᠌ᠵᠠ ᠳᠠᠭᠠᠨ ᠭᠦᠷᠭᠡᠵᠤ ᠦᠭᠭᠦᠭᠡᠳ ᠨᠢᠭᠡ ᠠᠪᠳᠠᠷ᠎ᠠ᠂ ᠨᠢᠭᠡ ᠭᠢᠳᠠᠤᠨ ᠳᠠᠯᠪᠢᠴᠠ ᠰᠤᠯᠢᠵᠤ ᠢᠷᠠᠯ᠎ᠠ ᠪᠢ᠃ ᠡᠭᠦᠨ ᠢ ᠡᠵᠢ ᠡᠭᠡᠨᠡᠷ ᠬᠤᠶᠠᠷ ᠮᠢᠨᠢ ᠥᠵᠡᠭᠡᠳ ᠳᠤᠩ ᠶᠡᠭᠡ ᠪᠠᠶᠠᠷᠯᠠᠪᠠ᠃ ᠢᠷᠡᠭᠦ ᠰᠦᠨᠢ ᠨᠢ ᠪᠢ ᠠᠪᠳᠠᠷ᠎ᠠ᠂ ᠳᠠᠯᠪᠢᠴᠠ ᠶᠢᠨ ᠢᠷᠠᠯ ᠢ ᠡᠭᠡᠨᠡᠷ ᠲᠡᠭᠡᠨ ᠢᠳᠡᠭᠡᠨ ᠭᠡᠯᠡᠵᠤ ᠣᠷᠭᠢᠯ᠎ᠠ ᠪᠢ᠃ ᠮᠠᠷᠭᠠᠰᠢ ᠨᠢ ᠡᠭᠡᠨᠡᠷ ᠡᠵᠢ ᠶᠢᠨ ᠴᠢᠭᠢᠨ ᠳᠤ ᠭᠦᠷᠭᠡᠵᠤ᠂ ᠳᠡᠭᠦᠨ ᠡᠴᠡ ᠡᠭᠢᠯᠡᠨ 《ᠨᠢᠭᠦᠯ ᠭᠢᠯ᠎ᠠ》᠂ 《ᠳᠠᠷᠬ᠎ᠠ ᠲᠡᠶ ᠣᠢ ᠳᠠᠭᠠᠷᠢᠯ᠎ᠠ》 ᠭᠡᠳ ᠡᠭᠡ᠂ ᠡᠭᠡᠨᠡᠷ ᠬᠤᠶᠠᠷ ᠮᠢᠨᠢ ᠮᠢᠨᠤ ᠴᠢᠭᠢᠨ ᠳᠤ ᠬᠤᠩᠬᠤ ᠣᠶᠠᠵᠤ ᠡᠭᠢᠯᠡᠯ᠎ᠡ᠃ ᠪᠢ ᠳᠠᠳᠠᠨ ᠳᠤ ᠭᠠᠴᠠᠵᠤ ᠠᠭᠤᠷᠯᠠᠬᠤ ᠳᠠᠭᠠᠨ ᠭᠡᠳᠤᠨ ᠡᠳᠦᠷ ᠤᠨ ᠳᠤᠳᠤᠷ᠎ᠠ ᠠᠷᠪᠠᠭᠠᠤᠨ ᠬᠤᠰᠤᠮ ᠢ ᠳᠠᠭᠠᠷᠢᠭᠠᠤᠨ ᠠᠮᠵᠢᠭᠤᠯᠴᠢᠬᠠᠯᠠ ᠪᠢ᠃
ᠨᠢᠭᠡ ᠡᠳᠦᠷ ᠬᠠᠳᠠᠮ ᠡᠴᠢᠭᠡ ᠮᠢᠨᠢ ᠢᠷᠠᠯ᠎ᠠ᠃ ᠳᠠᠷᠠ ᠭᠦᠮᠤᠨ ᠶᠡᠭᠡ ᠠᠭᠤᠷᠳᠠᠢ᠂ ᠴᠠᠢ ᠣᠤᠭᠤᠵᠤ ᠪᠠᠢ᠌ᠭᠠᠤᠨ᠄
᠊᠊᠊᠊᠊᠊᠊᠊᠊᠊᠊᠊᠊᠊᠊ ᠳᠠᠭᠢᠯᠭ᠎ᠠ ᠶᠢᠨ ᠬᠤᠰᠤᠮ ᠡᠴᠠ ᠠᠷᠪᠠᠨ ᠭᠡᠳᠦᠢ ᠨᠢ ᠦᠭᠡᠶ ᠪᠣᠯᠵᠠᠢ᠂ ᠪᠦᠷ ᠪᠦᠳᠦᠭᠦᠨ ᠡᠴᠡ ᠨᠢ ᠭᠡᠷᠴᠢᠭᠡᠳ ᠠᠪᠣᠭᠠᠤᠨ ᠠᠷᠢᠯᠵᠠᠢ᠃ ᠶᠠᠮᠠᠷ ᠦᠷ᠎ᠡ ᠨᠢ ᠳᠠᠰᠤᠷᠠᠮᠠᠷ ᠨᠢ ᠳᠠᠭᠠᠷᠢᠭᠰᠠᠨ ᠪᠣᠯ ᠳ᠋ᠠ ᠁ ᠭᠡᠯᠡ᠃ ᠡᠨᠡ ᠥᠭᠡ ᠳᠤ ᠡᠭᠡᠨᠡᠷ ᠤᠨ ᠮᠢᠨᠢ ᠥᠩᠭᠡ ᠨᠢ ᠬᠤᠪᠢᠷᠠᠨ ᠬᠠᠪᠴᠢᠬᠠᠯᠵᠠᠵᠤ ᠴᠢᠷᠠᠢ ᠪᠣᠷᠤᠭᠤᠯᠠᠬᠤ ᠳᠤ ᠡᠵᠢ ᠶᠢᠨ ᠮᠢᠨᠢ ᠨᠢᠳᠤᠨ ᠳᠤ ᠨᠢᠯᠪᠣᠰᠤ ᠴᠠᠢ᠌ᠯᠵᠠᠨ᠂ ᠠᠮᠠᠨ ᠳᠠᠭᠠᠨ ᠮᠠᠨᠢ ᠣᠩᠰᠢᠨ ᠨᠠᠮᠠᠠᠴᠢᠯᠠᠨᠠ᠃ ᠪᠢ ᠭᠦᠳᠡᠯᠦᠭ᠍ᠰᠡᠨ ᠦᠭᠡᠶ᠃ ᠡᠯᠦᠡᠴᠡ ᠶᠢᠨ ᠴᠢᠨᠢ ᠣᠩᠭ᠋ᠤ ᠶᠢ ᠮᠠᠯᠳᠠᠭᠰᠠᠨ ᠪᠢᠰᠢ ᠭᠡᠵᠤ ᠠᠷᠠᠭ᠎ᠠ ᠮᠢᠨᠢ ᠵᠠᠭᠤᠭᠳᠠᠯᠠ᠃
ᠬᠠᠳᠠᠮ ᠡᠴᠢᠭᠡ ᠮᠢᠨᠢ ᠣᠭ ᠨᠢ ᠢᠷᠭᠡᠨ ᠣᠯᠤᠰ ᠤᠨ ᠴᠠᠭ ᠲᠤ ᠣᠢ ᠰᠢᠭᠤᠢ ᠶᠢᠨ ᠰᠤᠷᠭᠠᠭᠤᠯᠢ ᠣᠩᠰᠢᠵᠤ ᠢᠷᠡᠭ᠍ᠰᠡᠨ ᠭᠦᠮᠤᠨ ᠪᠦᠭᠡᠳ ᠡ᠊ᠨᠳᠡᠭᠢ ᠶᠢᠨ ᠣᠢ ᠶᠢᠨ ᠭᠠᠵᠠᠷ ᠲᠤ ᠳᠠᠷᠤᠭᠠᠯᠠᠵᠤ ᠪᠠᠢ᠌ᠭᠠᠤᠨ 《ᠪᠠᠷᠠᠭᠤᠠᠳᠠᠨ》 ᠵᠢᠡᠷ ᠴᠤᠭᠢᠭᠳᠠᠵᠤ ᠣᠢ ᠶᠢᠨ ᠮᠠᠨᠠᠭᠠᠴᠢ ᠪᠣᠯᠤᠭᠰᠠᠨ ᠶᠤᠮ᠃ ᠣᠢ ᠠᠮᠢᠳᠠᠢ ᠭᠦᠮᠤᠨ ᠬᠤᠰᠤᠮ ᠳᠠᠭᠠᠨ ᠬᠠᠷᠠᠭᠤᠰᠠᠬᠤ ᠳᠠᠭᠠᠨ ᠯᠠ ᠢᠩᠭᠢᠵᠤ ᠭᠡᠯᠡᠭ᠍ᠰᠡᠨ ᠭᠡᠷᠡᠭ᠌ ᠰᠢᠤ ᠳ᠋ᠠ᠃ ᠭᠡᠪᠠᠴᠤ ᠪᠢ ᠭᠦᠮᠤᠨ ᠤ ᠭᠠᠭᠴᠠ ᠭᠦᠪᠠᠭᠦᠨ ᠪᠣᠯᠵᠤ ᠳᠦᠷᠦᠭ᠍ᠰᠡᠨ ᠳᠡᠭᠡᠨ ᠡᠷᠭᠡ ᠵᠤᠷᠭᠤ ᠪᠠᠷ ᠦᠰᠴᠦ᠂ ᠶᠠᠷᠤ ᠡᠴᠡ ᠪᠠᠨ ᠪᠣᠷᠤᠭᠤ ᠪᠠᠨ ᠭᠦᠵᠦᠭᠦᠳᠡᠭᠦ ᠳᠤᠷ᠎ᠠ ᠦᠭᠡᠶ ᠮᠦᠷᠳᠡᠭᠡᠨ ᠪᠠᠰᠠ ᠭᠠᠴᠠᠮᠠᠳᠠᠭᠠᠢ ᠵᠠᠩ ᠲᠡᠶ ᠭᠦᠮᠤᠨ ᠳᠤᠯᠠ ᠳᠠᠷᠠ ᠡᠳᠦᠷ ᠡᠴᠡ ᠡᠭᠢᠯᠡᠨ 《ᠦᠷ᠎ᠡ ᠨᠢ ᠳᠠᠰᠤᠷᠠᠮᠠᠷ ᠁》 ᠭᠡᠰᠡᠨ ᠥᠭᠡ ᠨᠢ ᠰᠡᠳᠭᠢᠯ ᠰᠠᠨᠠᠭᠠᠨ ᠳᠤ ᠮᠢᠨᠢ ᠳᠦᠭᠡᠨ᠎ᠡ ᠪᠣᠯᠵᠤ᠂ ᠬᠠᠳᠠᠮ ᠡᠴᠢᠭᠡ ᠳᠡᠭᠡᠨ ᠥᠭᠦᠨ ᠥᠰᠢᠶᠡᠷᠭᠡᠯᠡ ᠪᠢ᠃
ᠢᠩᠭᠢᠭᠡᠳ ᠯᠠ ᠭᠠᠴᠠᠬᠤ ᠳᠠᠭᠠᠨ ᠠᠭᠤᠯᠠ ᠳᠤ ᠭᠠᠷᠴᠤ ᠵᠠᠯᠠᠭᠤ ᠭᠦᠭᠡ ᠬᠠᠷᠭᠠᠢ ᠡᠴᠠ ᠬᠤᠶᠠᠷ ᠢ 《ᠭᠡᠢ᠌ᠰᠭᠡᠵᠤ》 ᠣᠷᠭᠢᠭᠠᠤᠨ᠂ ᠨᠢᠭᠡ ᠶᠢ ᠨᠢ ᠱᠤᠯᠤᠵᠤ ᠪᠠᠢ᠌ᠳᠠᠯ᠎ᠠ ᠬᠠᠳᠠᠮ ᠡᠴᠢᠭᠡ ᠮᠢᠨᠢ ᠶᠠᠭ ᠢᠷᠡᠴᠢᠭᠡᠯ᠎ᠡ᠃ ᠳᠠᠷᠠ ᠭᠦᠭ᠍ᠰᠢᠨ ᠨᠠᠮᠢ᠋ᠢ ᠬᠠᠷᠢᠶᠠᠨ᠂ ᠮᠤᠷᠢ ᠪᠠᠷ ᠶᠢᠡᠨ ᠳᠠᠪᠢᠷᠠᠭᠤᠯᠵᠤ ᠢᠷᠡᠭᠡᠳ ᠮᠠᠯᠢᠶ᠎ᠠ ᠪᠠᠷ ᠭᠡᠳᠤ 《ᠳᠠᠳᠠᠵᠤ》 ᠠᠪᠣᠭᠠᠤᠨ᠂ ᠨᠠᠮᠢ᠋ᠢ ᠡᠮᠤᠨ᠎ᠡ ᠪᠠᠨ ᠣᠷᠤᠭᠤᠯᠤᠨ ᠳᠠᠭᠤᠪᠠ᠃ ᠵᠠᠮ ᠵᠠᠭᠤᠷ᠎ᠠ ᠳᠡᠭᠦᠨ ᠤ ᠬᠠᠷᠢᠶᠠᠯ ᠡᠴᠠ 《ᠳᠠᠭᠢᠵᠤ ᠡᠢ᠌ᠮᠤ ᠨᠢᠭᠦᠯ ᠭᠢᠳᠡᠭ᠌ ᠵᠢᠭᠢ ᠴᠢ᠂ ᠬᠠᠷ᠎ᠠ ᠭᠡᠷ ᠤᠨ ᠪᠣᠯᠤᠩ ᠰᠠᠭᠢᠭᠤᠯᠤᠨᠠ ᠪᠢ ᠴᠢᠮ᠎ᠠ ᠶᠢ᠁》 ᠭᠡᠰᠡᠨ ᠥᠭᠡ ᠴᠡᠭᠡᠵᠢ ᠳᠤ ᠮᠢᠨᠢ ᠴᠠᠷ ᠪᠣᠯᠴᠢᠬᠠᠯ᠎ᠠ᠃ ᠡᠭᠦᠨ ᠡᠴᠡ ᠪᠣᠯᠵᠤ ᠳᠡᠭᠦᠨ ᠳᠤ ᠣᠯᠠᠮ ᠭᠠᠴᠠᠭᠠᠤᠨ ᠯᠠ ᠁ ᠮᠠᠷᠭᠠᠰᠢ ᠨᠢ ᠭᠡᠭᠡᠨ ᠡᠳᠦᠷ ᠶᠢᠡᠷ ᠳᠠᠭᠢᠯᠭ᠎ᠠ ᠶᠢᠨ ᠬᠤᠰᠤᠮ ᠳᠤ ᠣᠷᠤᠵᠤ ᠨᠢᠭᠡ ᠶᠢ ᠳᠠᠭᠠᠷᠢᠨ ᠣᠨᠠᠭᠠᠵᠤ ᠡᠪᠯᠡᠭᠦᠯᠤᠨ ᠪᠠᠢ᠌ᠳᠠᠯ᠎ᠠ ᠪᠠᠰᠠ ᠯᠠ ᠬᠠᠳᠠᠮ ᠡᠴᠢᠭᠡ ᠮᠢᠨᠢ ᠢᠷᠡᠭᠡᠳ ᠪᠠᠷᠢᠵᠤ ᠠᠪᠣᠯ᠎ᠠ᠃ 《ᠶᠠᠪᠣ︕》 ᠭᠡᠳ ᠨᠠᠮᠢ᠋ᠢ ᠭᠦᠴᠦᠳᠡᠢ ᠵᠠᠩᠨᠠᠯᠠ᠃ ᠪᠢ ᠴᠤ ᠪᠣᠷᠤᠭᠤ ᠡᠰᠢᠯᠡᠭ᠍ᠰᠡᠨ ᠰᠥᠭᠡ ᠰᠢᠭ᠌ ᠠᠮᠢᠳᠠᠨ ᠳᠤᠯᠠ 《ᠶᠠᠭᠠᠭᠢᠳᠠᠭ ᠢ ᠴᠢᠨᠢ ᠨᠢᠭᠡ ᠦᠵᠡᠶ᠎ᠠ》 ᠭᠡᠵᠤ ᠰᠢ᠌ᠳᠦᠭᠡᠳ ᠮᠤᠷᠢᠨ ᠳᠠᠭᠠᠨ ᠮᠤᠷᠳᠠᠵᠤ ᠠᠮᠤᠷ ᠢ ᠬᠠᠮᠠᠭᠠᠯᠠᠬᠤ ᠭᠠᠵᠠᠷ ᠲᠤ ᠣᠷᠤᠯ᠎ᠠ᠃
ᠬᠠᠷᠠᠩᠭ᠋ᠤᠢ ᠭᠡᠷ ᠲᠤ ᠭᠡᠳᠤᠨ ᠡᠳᠦᠷ ᠭᠡᠪᠳᠡᠵᠤ᠂ ᠭᠡᠳᠤᠨ ᠣᠳᠠᠭ᠎ᠠ ᠰᠤᠷᠤᠭ ᠲᠤ ᠳᠠᠳᠠᠭᠳᠠᠬᠤ ᠳᠤ ᠬᠠᠳᠠᠮ ᠡᠴᠢᠭᠡ ᠳᠡᠭᠡᠨ ᠭᠡᠯᠡᠭᠦ ᠶᠢᠨ ᠠᠷᠭ᠎ᠠ ᠦᠭᠡᠶ ᠬᠤᠷᠤᠰᠤᠯᠠ ᠪᠢ᠃ ᠳᠤᠯᠤᠭᠠᠳᠠᠭᠴᠢ ᠰᠦᠨᠢ ᠦᠣᠷ ᠤᠨ ᠡᠮᠦᠨᠡᠭᠢ ᠳᠡᠭᠦᠤ ᠬᠠᠷᠠᠩᠭ᠋ᠤᠢ ᠪᠠᠷ ᠬᠠᠷ᠎ᠠ ᠭᠡᠷ ᠡᠴᠡ ᠣᠷᠭᠤᠴᠢᠬᠠᠯᠠ ᠪᠢ᠃ ᠭᠡᠷ ᠲᠡᠭᠡᠨ ᠬᠠᠷᠢᠬᠤ ᠵᠠᠮ ᠵᠠᠭᠤᠷ᠎ᠠ ᠳᠠᠭᠢᠯᠭ᠎ᠠ ᠶᠢᠨ ᠬᠠᠵᠠᠭᠤ ᠪᠠᠷ ᠥᠩᠭᠡᠷᠡᠵᠤ ᠶᠠᠪᠣᠭᠠᠤᠨ ᠭᠡᠨᠡᠳᠲᠡ ᠨᠢᠭᠡᠨ ᠬᠤᠷᠤᠨ ᠰᠠᠨᠠᠭᠠᠨ ᠳᠦᠷᠦᠭ᠍ᠳᠡᠯᠡ᠃
ᠳᠡᠭᠡᠭᠡᠳ ᠳᠠᠮᠠᠢ ᠣᠳᠠᠭᠰᠠᠨ ᠦᠭᠡᠶ ᠳᠠᠭᠢᠯᠭ᠎ᠠ ᠶᠢᠨ ᠬᠤᠰᠤᠮ ᠳᠤ ᠦᠯᠦᠨ ᠭᠠᠯ ᠣᠷᠤᠯ᠎ᠠ᠃ ᠦᠣᠷ ᠰᠢᠷᠠᠮᠠᠭᠳᠠᠵᠤ ᠪᠠᠢ᠌ᠯ᠎ᠠ᠃ ᠨᠢᠭᠡ ᠳᠠᠯ᠎ᠠ ᠳᠤ ᠨᠢ ᠣᠯᠠᠭᠠᠨ ᠳᠣᠢ᠌ᠮᠠᠷ ᠳᠦᠷᠠᠯᠵᠠᠵᠤ ᠪᠠᠢ᠌ᠬᠤ ᠳᠤ ᠨᠥᠭᠦᠭᠡ ᠳᠠᠯᠠᠭᠢᠰ ᠨᠢ ᠣᠠᠳᠠᠭ᠎ᠠ ᠭᠡᠪ ᠶᠢᠡᠷ ᠶᠢᠡᠨ ᠨᠠᠢ᠌ᠭᠤᠬᠤ ᠬᠤᠰᠤᠮ ᠤᠨ ᠣᠢ ᠶᠢ ᠬᠠᠷᠠᠵᠤ ᠵᠤᠭᠰᠤᠬᠤ ᠳᠤ ᠪᠠᠬ᠎ᠠ ᠮᠢᠨᠢ ᠬᠠᠨᠤᠵᠤ ᠪᠠᠢ᠌ᠯ᠎ᠠ᠃ ᠳᠡᠭᠡᠭᠡᠳ᠂ ᠵᠠ ᠣᠳᠤ ᠬᠠᠷᠢᠶ᠎ᠠ ᠭᠡᠳ ᠡᠷᠭᠢᠭᠦᠯᠡ᠂ ᠨᠢᠭᠡ ᠮᠤᠷᠢ ᠲᠡᠶ ᠭᠦᠮᠤᠨ ᠳᠠᠪᠭᠢᠭᠠᠤᠨ ᠠᠢ᠌ᠰᠤᠢ᠃ ᠦᠵᠡᠵᠤ ᠪᠠᠢ᠌ᠳᠠᠯ᠎ᠠ ᠬᠠᠳᠠᠮ ᠡᠴᠢᠭᠡ ᠮᠢᠨᠢ ᠶᠠᠭ ᠮᠦᠨ᠃ ᠬᠠᠳᠠᠮ ᠡᠴᠢᠭᠡ ᠭᠦᠷᠴᠤ ᠢᠷᠡᠩᠭᠦᠳᠡ ᠪᠠᠨ ᠯᠠ ᠰᠤᠷ ᠮᠠᠯᠢᠶ᠎ᠠ ᠪᠠᠷ ᠳᠤᠯᠤᠭᠠᠢ ᠡᠭᠡ ᠦᠭᠡᠶ ᠣᠷᠣᠢ᠌ᠳᠠᠭᠤᠯᠤᠨ ᠳᠠᠴᠢᠭᠢᠨᠠᠭᠤᠯᠪᠠ᠃ ᠪᠢ ᠳᠡᠭᠦᠨ ᠤ ᠭᠤᠷᠪᠠᠨ ᠴᠤᠭᠢᠯᠭ᠎ᠠ ᠶᠢ ᠨᠢ ᠡᠷ᠎ᠡ ᠵᠢᠭᠠᠵᠤ ᠳᠠᠭᠠᠭᠠᠭᠰᠠᠨ ᠪᠣᠯᠪᠠᠴᠤ᠂ ᠳᠦᠷᠪᠠᠳᠠᠭᠢ ᠴᠤᠭᠢᠯᠭ᠎ᠠ ᠳᠤ ᠨᠢ ᠭᠡᠢ᠌ᠰᠴᠢᠭᠡᠯᠡ᠃ ᠠᠷᠭ᠎ᠠ ᠪᠠᠢ᠌ᠨ᠎ᠠ ᠦᠦ ᠳ᠋ᠠ᠂ ᠰᠠᠨᠠᠪᠣᠷᠢ ᠠᠯᠳᠠᠨ ᠭᠠᠵᠠᠷ ᠰᠠᠮᠤᠷᠳᠠᠭᠰᠠᠨ ᠴᠢᠨᠢ ᠨᠢᠭᠡ ᠳᠤᠮᠤᠬᠠᠨ ᠴᠢᠯᠠᠭᠤ ᠭᠠᠷ ᠲᠤ ᠪᠠᠷᠢᠭᠳᠠᠵᠤ᠂ ᠳᠡᠭᠦᠨ ᠶᠢᠡᠷ ᠡᠪᠦᠭᠡᠨ ᠢ ᠰᠢᠪᠢᠭᠡᠳ ᠴᠤᠭᠢᠭᠠᠤᠨ* ᠣᠷᠭᠢᠭᠰᠠᠨ ᠴᠢᠨᠢ ᠶᠠᠭ ᠳᠤᠯᠤᠭᠠᠢ ᠳᠤ ᠨᠢ ᠳᠤᠰᠴᠤ᠂ ᠡᠪᠦᠭᠡᠨ ᠮᠤᠷᠢᠨ ᠡᠴᠠ ᠪᠠᠨ ᠭᠡᠢ᠌ᠰᠴᠤ ᠣᠨᠠᠯ᠎ᠠ᠃ ᠡ᠂ ᠪᠣᠷᠬᠠᠨ ᠮᠢᠨᠢ᠂ ᠡᠪᠦᠭᠡᠨ ᠳᠡᠭᠡᠭᠡᠳ ᠨᠠᠰᠤ ᠪᠠᠷᠠᠵᠠᠢ᠃
ᠪᠢ ᠭᠦᠮᠤ ᠠᠯᠠᠵᠤ᠂ ᠳᠣᠢ᠌ᠮᠠᠷ ᠳᠠᠯᠪᠢᠭᠰᠠᠨ ᠶᠠᠯ᠎ᠠ ᠳᠠᠭᠠᠨ ᠬᠤᠶᠠᠷ ᠵᠢᠯ ᠬᠣᠢ᠌ᠰᠢᠯᠠᠭᠤᠯᠤᠨ ᠠᠯᠠᠬᠤ ᠰᠢ᠌ᠳᠭᠡᠯ ᠭᠦᠷᠳᠡᠪᠡ᠃ ᠬᠤᠶᠠᠷ ᠵᠢᠯ ᠥᠩᠭᠡᠷᠡᠭ᠍ᠰᠡᠨ ᠤ ᠳᠠᠷᠠᠭ᠎ᠠ᠂ ᠢᠯᠠᠷᠠᠯ ᠨᠢ ᠰᠠᠢ᠌ᠨ᠂ ᠪᠠᠰᠠ ᠥᠭᠦᠭ᠍ᠰᠡᠨ ᠭᠦᠮᠤᠨ ᠨᠢ ᠪᠠᠷᠠᠭᠤᠠᠳᠠᠨ ᠊᠊᠊᠊᠊᠊᠊᠊᠊᠊᠊᠊᠊᠊᠊ ᠬᠤᠪᠢᠰᠬᠠᠯ ᠤᠨ ᠡᠰᠡᠷᠭᠦᠤ ᠡᠳᠡᠭᠡᠳ ᠭᠡᠳ ᠶᠠᠯ᠎ᠠ ᠶᠢ ᠮᠢᠨᠢ ᠭᠦᠩᠭᠡᠯᠡᠵᠤ᠂ 《ᠬᠤᠭᠤᠴᠠᠭ᠎ᠠ ᠦᠭᠡᠶ ᠬᠤᠷᠢᠬᠤ》 ᠪᠣᠯᠭᠠᠯ᠎ᠠ᠃
ᠭᠦᠡᠳᠤ ᠬᠠᠷ᠎ᠠ ᠠᠵᠢᠯ ᠳᠤ ᠭᠤᠴᠢᠨ ᠵᠢᠯ ᠨᠤᠬᠤᠭᠳᠠᠭᠠᠤᠨ᠂ ᠡᠪᠡᠳᠴᠢᠨ ᠳᠠᠬᠤᠯ ᠳᠤ ᠪᠠᠷᠢᠭᠳᠠᠨ ᠬᠤᠶᠠᠷ ᠨᠢᠳᠤᠨ ᠡᠴᠡ ᠪᠠᠨ ᠰᠠᠯᠤᠯ᠎ᠠ ᠪᠢ᠃ ᠨᠤᠳᠤᠭ ᠲᠠᠭᠠᠨ ᠪᠣᠴᠠ ᠭᠡᠳ ᠨᠠᠮᠢ᠋ᠢ ᠬᠤᠶᠠᠷ ᠵᠢᠯ ᠰᠢᠬᠠᠭᠰᠠᠨ ᠪᠣᠯᠪᠠᠴᠤ ᠪᠢ ᠶᠠᠪᠣᠭᠰᠠᠨ ᠦᠭᠡᠶ᠃ ᠨᠠᠳᠠ ᠳᠤ ᠨᠤᠳᠤᠭ ᠲᠤ ᠭᠢᠰᠭᠢᠭᠦ ᠨᠢᠭᠤᠷ ᠪᠠᠢ᠌ᠨ᠎ᠠ ᠦᠦ︖ ᠁ ᠭᠡᠪᠠᠴᠤ ᠪᠢ᠂ ᠡᠴᠦᠰ ᠲᠡᠭᠡᠨ ᠪᠠᠶ᠎ᠠ ᠮᠠᠭᠤᠳᠠᠭᠠᠤᠨ ᠪᠠᠢ᠌ᠬᠤᠯᠠᠷ ᠠᠷᠭ᠎ᠠ ᠦᠭᠡᠶ ᠨᠤᠳᠤᠭ ᠶᠢᠡᠨ ᠪᠠᠷᠠᠳᠠᠯ᠎ᠠ ᠪᠢ᠃ ᠶᠠᠮᠠᠷ ᠴᠤ ᠪᠣᠯᠤᠯ᠎ᠠ᠂ ᠭᠦᠮᠤᠨ ᠳᠤ ᠶᠠᠰᠤ ᠪᠠᠨ ᠳᠠᠯᠪᠢᠬᠤ ᠭᠠᠵᠠᠷ ᠭᠡᠷᠡᠭ᠍ᠳᠡᠢ ᠪᠢᠰᠢ ᠦᠦ᠂ ᠵᠠᠯᠠᠭᠤ︕
ᠨᠢᠭᠦᠯ ᠤᠨ ᠦᠷ᠎ᠡ
《ᠥᠯᠢᠭᠡᠷ》 ᠊ᠢ ᠰᠤᠨᠤᠰᠬᠤ ᠳᠤᠳᠤᠮ ᠴᠢᠷᠠᠢ ᠨᠢ ᠬᠤᠪᠢᠷᠠᠵᠤ᠂ ᠠᠷᠪᠠᠨ ᠬᠤᠷᠤᠭᠤ ᠨᠢ ᠠᠳᠬᠤᠯᠳᠠᠵᠤ ᠪᠠᠢ᠌ᠭᠰᠠᠨ ᠵᠠᠯᠠᠭᠤ ᠡᠨᠡ ᠦᠶ᠎ᠡ ᠳᠤ ᠬᠤᠶᠠᠷ ᠨᠢᠳᠤ ᠨᠢ ᠣᠷᠤᠭᠰᠠᠨ ᠪᠣᠤᠷ᠎ᠠ ᠶᠢᠨ ᠨᠢᠳᠤ ᠰᠢᠭ᠌ ᠪᠣᠯᠵᠤ᠂ ᠠᠷᠠᠭ᠎ᠠ ᠰᠢᠳᠤ ᠨᠢ ᠳᠠᠴᠢᠭᠢᠨᠠᠨ᠂ ᠦᠰᠦᠷᠴᠤ ᠪᠣᠰᠤᠭᠠᠤᠨ ᠡᠪᠦᠭᠡᠨ ᠤ ᠵᠠᠬ᠎ᠠ ᠡᠴᠠ ᠠᠪᠣᠭᠠᠤᠨ᠄
᠊᠊᠊᠊᠊᠊᠊᠊᠊᠊᠊᠊᠊᠊᠊ ᠪᠠᠶᠠᠨ ᠭᠡᠳᠡᠭ᠌᠂ ᠨᠤᠳᠤᠭ ᠪᠠᠷᠠᠭᠰᠠᠨ ᠵᠤᠯᠪᠢᠩ ᠴᠢ ᠪᠠᠢ᠌ᠵᠤ ᠡ︕ ᠠᠮᠢᠳᠤ ᠢᠷᠡᠳᠡᠭ᠌ ᠴᠢᠨᠢ ᠳ᠋ᠠ︕ ᠭᠡᠵᠤ ᠮᠠᠭᠤᠬᠠᠢ ᠳᠠᠭᠤ ᠪᠠᠷ ᠪᠠᠷᠭᠢᠷᠠᠭᠰᠠᠨ ᠶᠢᠡᠨ ᠭᠠᠷ ᠨᠢ ᠳᠤᠤᠷ᠎ᠠ ᠪᠠᠨ ᠰᠤᠯᠠᠳᠠᠯᠠ᠃ ᠳᠠᠷᠠ ᠵᠠᠯᠠᠭᠤ ᠬᠠᠷ᠎ᠠ ᠭᠠᠵᠠᠷ ᠨᠢᠳᠤᠷᠭᠠᠳᠠᠨ ᠪᠠᠷᠭᠢᠷᠠᠨ ᠣᠭᠢᠯᠠᠯᠠ᠃ ᠰᠤᠬᠤᠷ ᠡᠪᠦᠭᠡᠨ ᠶᠠᠭᠤ ᠪᠣᠯᠤᠭᠰᠠᠨ ᠢ ᠡᠰᠡ ᠮᠠᠳᠠᠨ ᠰᠠᠭᠤᠭ᠎ᠠ ᠪᠠᠷ ᠶᠢᠡᠨ ᠳᠠᠭᠵᠢᠨ ᠴᠠᠴᠠᠷᠠᠨ᠎ᠡ᠃
᠊᠊᠊᠊᠊᠊᠊᠊᠊᠊᠊᠊᠊᠊᠊ ᠴᠢ︕ ᠳᠠᠭᠢᠯᠭ᠎ᠠ ᠶᠢᠨ ᠬᠤᠰᠤᠮ ᠢ ᠳᠦᠢᠮᠡᠷᠳᠡᠭᠡᠳ ᠁ ᠳᠠᠷᠠ ᠵᠢᠯ ᠡᠴᠡ ᠡᠭᠢᠯᠡᠭᠡᠳ ᠳᠠᠭᠢᠯᠭ᠎ᠠ ᠶᠢᠨ ᠪᠣᠯᠠᠭ ᠰᠢᠷᠭᠢᠵᠤ᠂ ᠪᠦᠭᠦᠯᠢ ᠭᠦᠳᠡᠭᠡ ᠬᠤᠮᠤᠬᠠᠢ᠌ᠷᠠᠨ᠂ ᠮᠠᠯ ᠥᠭᠦᠵᠤ ᠳᠠᠷᠢᠶᠠᠨ ᠬᠠᠳᠠᠭᠠᠤᠨ᠂ ᠣᠷᠴᠢᠯᠠᠩ ᠳᠤ ᠪᠣᠯᠤᠭᠠᠤᠨ ᠦᠭᠡᠶ ᠵᠤᠳ ᠪᠣᠯᠤᠭᠰᠠᠨ᠃ ᠳᠠᠷᠠ ᠴᠠᠭ ᠲᠤ᠁ ᠴᠢᠨᠤ ᠰᠠᠨᠠᠵᠤ ᠰᠠᠷᠪᠠᠢ᠌ᠵᠤ ᠢᠷᠡᠭ᠍ᠰᠡᠨ ᠳᠠᠷᠠ ᠴᠡᠴᠡᠭ᠍ᠳᠤ ᠳᠠᠯ᠎ᠠ ᠳᠤ ᠡᠷᠪᠠᠢ᠌ᠭᠦ ᠡᠪᠠᠰᠤ ᠦᠭᠡᠶ ᠪᠣᠯᠵᠤ᠂ ᠳᠤᠷᠭᠠᠨ ᠭᠡᠳᠡᠭ᠌ ᠪᠠᠯᠪᠠᠰᠤᠨ ᠡᠭᠡᠨᠡᠷ ᠡᠴᠡ ᠣᠠᠳᠤᠤ ᠠᠮᠢᠳᠠᠢ ᠶᠠᠭᠤᠮᠠᠨ ᠬᠤᠴᠤᠷᠤᠯ ᠦᠭᠡᠶ ᠴᠤᠭᠭᠠᠷ ᠵᠤᠯᠠᠵᠤ ᠠᠷᠢᠯᠤᠭᠰᠠᠨ᠃ ᠨᠢᠭᠡ ᠯᠠ ᠨᠤᠬᠠᠢ ᠶᠢᠨ ᠭᠢᠭ᠍ᠰᠡᠨ ᠨᠢᠭᠦᠯ ᠤᠨ ᠦᠷ᠎ᠡ ᠭᠡᠵᠤ ᠡ ᠁
᠊᠊᠊᠊᠊᠊᠊᠊᠊᠊᠊᠊᠊᠊᠊ ᠡᠭᠡ ᠴᠢᠨᠢ ᠳᠠᠷᠠ ᠬᠠᠪᠣᠷ ᠨᠤᠳᠤᠭ ᠪᠣᠵᠠᠷᠯᠠᠭᠰᠠᠨ ᠭᠠᠭᠴᠠ ᠭᠦᠪᠠᠭᠦᠨ ᠳᠡᠭᠡᠨ ᠵᠤᠪᠠᠵᠤ ᠪᠠᠢ᠌ᠭᠠᠤᠨ ᠪᠣᠷᠬᠠᠨ ᠪᠣᠯᠤᠭᠰᠠᠨ︕ ᠡᠭᠡ ᠶᠢᠨ ᠬᠠᠢ᠌ᠷ᠎ᠠ ᠶᠢ ᠶᠠᠭᠠᠭᠢᠵᠤ ᠳᠠᠷᠤᠵᠤ ᠬᠤᠷᠢᠬᠤ ᠪᠢᠯᠠ ᠳ᠋ᠠ︕ ᠨᠢᠯᠬ᠎ᠠ ᠬᠡᠦᠬᠡᠳ ᠲᠡᠶ ᠡᠭᠡᠨᠡᠷ ᠴᠢᠨᠢ ᠠᠷᠪᠠᠨ ᠭᠡᠳᠤᠨ ᠵᠢᠯ ᠳᠠᠷᠠ ᠳᠠᠭᠢᠯᠭ᠎ᠠ ᠶᠢᠨ ᠰᠤᠬᠤᠷᠠᠭᠰᠠᠨ ᠪᠣᠯᠠᠭ ᠢ ᠡᠷᠭᠢᠭᠦᠯᠤᠨ ᠬᠤᠰᠤᠮ ᠮᠤᠳᠤ ᠳᠠᠷᠢᠵᠤ ᠣᠢ᠌ᠯᠠ ᠪᠠᠨ ᠦᠵᠡᠯ᠎ᠠ᠃ ᠪᠠᠯᠪᠠᠰᠤᠨ ᠡᠭᠡᠨᠡᠷ ᠦᠨᠦᠴᠢᠨ ᠭᠦᠪᠠᠭᠦᠨ ᠬᠤᠶᠠᠷ ᠢ ᠴᠢᠨᠤ ᠣᠷᠤᠨ ᠳᠤ ᠨᠤᠳᠤᠭ ᠭᠠᠢ᠌ᠯᠠᠨᠠ ᠁ ᠳᠠᠳᠠᠨ ᠳᠤ ᠰᠠᠢ᠌ᠨ ᠢᠷᠸ᠎ᠠ ᠪᠣᠯᠵᠤ ᠭᠠᠭᠴᠠᠬᠠᠨ ᠭᠦᠮᠤᠨ ᠳᠤᠰᠠᠯᠠᠭᠰᠠᠨ᠃ ᠳᠠᠷᠠ ᠭᠦᠮᠤᠨ ᠢ ᠪᠢ ᠴᠢᠮ᠎ᠠ ᠳᠤ ᠭᠡᠯᠡᠭᠡᠳ ᠥᠭ᠍ᠴᠤ ᠪᠣᠯᠤᠨ᠎ᠠ ︕ ᠭᠡᠨ ᠭᠡᠪᠠᠯ᠂ ᠳᠠᠳᠠᠷᠠᠩ ᠭᠡᠮ ᠲᠡᠶ ᠳ᠋ᠤᠮᠪᠣᠷ* ᠳᠤᠯᠤᠭᠠᠢ ᠷᠠᠰᠢ ᠤᠢ᠌ᠴᠢᠨ︕ ᠳᠠᠷᠠ ᠡᠰᠡ ᠪᠣᠯᠬᠤᠯ᠎ᠠ ᠡᠭᠡ ᠭᠦᠪᠠᠭᠦᠨ ᠬᠤᠶᠠᠷ ᠠᠯᠢ ᠭᠡᠵᠢᠶᠡᠨ ᠤ ᠥᠭᠦᠵᠤ ᠬᠠᠳᠠᠴᠢᠬᠠᠭᠰᠠᠨ ᠪᠢᠯᠠ᠃ ᠳᠠᠷᠠ ᠭᠦᠭᠡᠷᠦᠭᠦᠢ ᠪᠠᠯᠪᠠᠰᠤᠨ ᠡᠭᠡᠨᠡᠷ ᠤᠨ ᠬᠠᠷ᠎ᠠ ᠭᠦᠴᠤᠨ᠂ ᠬᠠᠷᠠᠮ ᠦᠭᠡᠶ ᠰᠡᠳᠭᠢᠯ ᠤᠨ ᠳ᠋ᠦ᠋ᠩ ᠳᠤ ᠳᠠᠭᠢᠯᠭ᠎ᠠ ᠶᠢᠨ ᠬᠤᠰᠤᠮ ᠳᠠᠭᠢᠨ ᠣᠷᠭᠤᠵᠤ ᠭᠦᠭᠡᠷᠡᠭᠡᠳ᠂ ᠪᠣᠯᠠᠭ ᠨᠢ ᠣᠠᠳᠤᠷᠤᠯᠠ᠃ ᠬᠤᠮᠤᠬᠠᠢ ᠳᠠᠯ᠎ᠠ ᠳᠠᠭᠢᠨ ᠴᠡᠴᠡᠭᠯᠡᠵᠤ᠂ ᠠᠢ᠌ᠯ ᠠᠮᠢᠳᠠᠨ ᠡᠷᠭᠢᠵᠤ ᠬᠤᠷᠠᠭᠠᠤᠨ᠂ ᠳᠠᠠᠳᠠ ᠬᠠᠷᠭᠠᠢ᠌ᠳᠤ ᠶᠢᠨ ᠣᠢ ᠶᠢᠨ ᠳᠠᠯᠠᠪᠠᠢ ᠭᠡᠳᠡᠭ᠌ ᠰᠠᠭᠤᠷᠢᠰᠢᠯ ᠪᠣᠢ ᠪᠣᠯᠪᠠ᠃ ᠣᠳᠤ 《ᠳᠤᠷᠭᠠᠨ ᠤ ᠳᠠᠭᠢᠯᠭ᠎ᠠ》 ᠭᠡᠳᠡᠭ᠌ ᠨᠠᠷᠠ ᠵᠡᠭᠦᠵᠤ᠂ ᠨᠤᠳᠤᠭ ᠣᠰᠤᠨ ᠤ ᠴᠢᠮᠡᠭ᠌ ᠠᠯᠳᠠᠷ ᠪᠣᠯᠤᠨ ᠲᠦᠮᠡᠨ ᠳᠡᠭᠡᠨ ᠵᠢᠷᠭᠠᠯ ᠣᠯᠭᠤᠵᠤ ᠪᠠᠢ᠌ᠨ᠎ᠠ᠃ ᠳᠠᠢ᠌ᠮᠤ ᠰᠠᠢ᠌ᠬᠠᠨ ᠪᠠᠢ᠌ᠭᠠᠯᠢ ᠶᠢᠨ ᠰᠤᠷᠮᠤᠤᠰᠤ ᠶᠢ ᠪᠣᠵᠠᠷ ᠰᠠᠨᠠᠭᠠᠳᠠᠨ ᠯᠠ ᠭᠦᠨᠦᠭᠡᠭᠦ ᠶᠤᠮ ᠡ︕
᠊᠊᠊᠊᠊᠊᠊᠊᠊᠊᠊᠊᠊᠊᠊ ᠠᠢ᠂ ᠬᠤᠮᠤᠬᠠᠢ᠌ᠷᠠᠵᠤ ᠰᠢᠷᠭᠢᠭ᠍ᠰᠡᠨ ᠴᠠᠭ ᠲᠤ ᠨᠢ ᠢᠷᠡᠳᠡᠭ᠌ ᠦᠭᠡᠶ ᠴᠢᠨᠢ ᠳ᠋ᠠ︕ ᠢᠷᠡᠭ᠍ᠰᠡᠨ ᠪᠣᠯ ᠨᠤᠳᠤᠭ ᠴᠢᠮ᠎ᠠ ᠪᠠᠷ ᠳᠠᠭᠢᠯᠭ᠎ᠠ ᠳᠠᠢ᠌ᠳᠠᠭ ᠪᠢᠯᠠ︕ ᠭᠡᠵᠤ ᠭᠡᠯᠡᠭᠡᠳ ᠵᠠᠯᠠᠭᠤ ᠡᠷ᠎ᠡ᠂ ᠮᠤᠷᠢᠨ ᠳᠡᠷᠭᠡᠨ ᠳᠡᠭᠡᠷ᠎ᠡ ᠪᠠᠨ ᠦᠰᠦᠷᠴᠤ ᠭᠠᠷᠤᠭᠠᠤᠨ᠂ ᠰᠤᠬᠤᠷ ᠡᠪᠦᠭᠡᠨ ᠤ ᠪᠣᠭᠴᠤ ᠶᠢ ᠨᠢ ᠠᠪᠴᠤ ᠭᠠᠵᠠᠷ ᠲᠤ ᠬᠤᠯᠠ ᠬᠠᠶᠠᠵᠤ ᠶᠠᠪᠣᠭᠤᠯᠴᠢᠬᠠᠭᠠᠤᠨ᠂ ᠮᠤᠷᠢ ᠪᠠᠨ ᠴᠤᠭᠢᠨ ᠳᠠᠪᠭᠢᠭᠤᠯᠵᠤ ᠣᠤᠠᠪᠠ᠃ ᠰᠤᠬᠤᠷ ᠡᠪᠦᠭᠡᠨ ᠡᠷᠡᠭᠡᠢ ᠬᠤᠷᠤᠭᠤ ᠪᠠᠨ ᠵᠠᠭᠤᠭᠰᠠᠨ ᠭᠡᠪ ᠶᠢᠡᠷ ᠶᠢᠡᠨ ᠰᠠᠭᠤᠵᠤ ᠬᠤᠴᠤᠷᠤᠯ᠎ᠠ᠃
ᠴᠠᠭᠠᠨ ᠰᠥ᠋
《ᠪᠠᠶᠠᠨ ᠢᠷᠠᠵᠤ ᠶᠠᠪᠣᠨ᠎ᠠ》 ᠭᠡᠭᠦ ᠥᠭᠡ ᠶᠢ ᠷᠠᠰᠢ ᠳᠤᠷᠭᠠᠨ ᠡᠪᠦᠭᠡᠨ ᠡᠮᠡᠭᠡᠨ ᠬᠤᠶᠠᠷ ᠬᠠᠯᠳᠤ ᠮᠤᠯᠳᠤ ᠣᠯᠵᠤ ᠰᠤᠨᠤᠰᠤᠭᠠᠤᠨ᠂ ᠣᠯᠠᠨ ᠵᠣᠢ᠌ᠯ ᠤᠨ ᠰᠡᠳᠭᠢᠯ ᠤᠨ ᠳᠠᠪᠠᠯᠭᠠᠨ ᠳᠤ ᠰᠠᠪᠠᠭᠳᠠᠨ ᠨᠣᠢ᠌ᠷ ᠮᠠᠭᠤᠳᠠᠢ ᠬᠤᠨᠤᠪᠠ᠃ ᠦᠣᠷ ᠮᠠᠩᠬᠠᠢ᠌ᠬᠤ ᠶᠢᠨ ᠠᠯᠳᠠᠨ ᠳᠤ ᠷᠠᠰᠢ ᠡᠪᠦᠭᠡᠨ ᠮᠦᠷ ᠶᠢᠡᠨ ᠥᠵᠡᠭᠦ ᠪᠠᠷ ᠭᠠᠷᠬᠤ ᠳᠠᠭᠠᠨ 《ᠳᠤᠷᠭᠠᠨ ᠤ ᠳᠠᠭᠢᠯᠭ᠎ᠠ》 ᠵᠢᠨ ᠡᠭᠢᠨ ᠳᠤ ᠭᠦᠭᠡ ᠴᠡᠩᠭᠡᠷ ᠣᠳᠤᠭ᠎ᠠ ᠰᠤᠪᠣᠷᠠᠵᠤ ᠪᠠᠢ᠌ᠬᠤ ᠶᠢ ᠥᠵᠡᠭᠡᠳ 《ᠣᠳᠤᠭᠢ ᠪᠠᠶᠠᠨ ᠢᠷᠠᠵᠤ ᠳᠠᠭᠢᠭᠠᠤᠨ ᠪᠠᠰᠠ ᠳᠣᠢ᠌ᠮᠠᠷ ᠳᠠᠯᠪᠢᠵᠤ ᠪᠠᠢ᠌ᠬᠤ ᠦᠦ》 ᠭᠡᠮᠡᠨ ᠳᠤᠳᠤᠷ ᠨᠢ 《ᠭᠢᠷᠳ᠋》 ᠭᠡᠵᠤ ᠭᠡᠷ ᠤᠨ ᠢᠷᠡᠭ᠌ ᠳᠠᠭᠢ ᠳᠠᠮᠤᠷ ᠭᠦᠷᠵᠡ ᠶᠢ ᠰᠢᠭᠦᠷᠡᠨ ᠠᠪᠴᠤ᠂ ᠣᠬᠤᠷ ᠦᠮᠦᠳᠦ᠂ ᠳ᠋ᠠᠩ ᠭᠡᠢ᠌ᠯᠡᠩ* ᠲᠡᠶ ᠪᠠᠨ ᠭᠦᠶᠦᠭᠡᠳ ᠥᠭ᠍ᠪᠡ᠃
ᠪᠣᠯᠠᠭ ᠤᠨ ᠵᠠᠬ᠎ᠠ ᠳᠤ ᠭᠤᠷᠪᠠᠨ ᠴᠢᠯᠠᠭᠤ ᠳᠤᠯᠵᠤ ᠭᠠᠯ ᠲᠦᠯᠡᠭᠡᠳ᠂ ᠳᠡᠭᠡᠷ᠎ᠡ ᠨᠢ ᠳᠠᠮᠤᠷ ᠠᠶᠠᠭ᠎ᠠ ᠨᠠᠷᠠᠵᠤ ᠣᠰᠤ ᠪᠣᠴᠠᠯᠭᠠᠴᠢᠬᠠᠭᠰᠠᠨ᠂ ᠦᠪᠴᠢ ᠬᠠᠷ᠎ᠠ ᠬᠤᠪᠴᠠᠰᠤ ᠲᠡᠶ ᠭᠦᠮᠤᠨ ᠣᠷᠭᠤᠬᠤ ᠵᠥᠭ᠌ ᠲᠤ ᠬᠠᠠᠳᠤᠨ ᠨᠠᠮᠠᠠᠴᠢᠯᠠᠨ ᠰᠠᠭᠤᠵᠤ ᠪᠠᠢ᠌ᠬᠤ ᠶᠢ ᠷᠠᠰᠢ ᠡᠪᠦᠭᠡᠨ ᠥᠵᠡᠭᠡᠳ ᠭᠠᠷ ᠳᠠᠭᠢ ᠭᠦᠷᠵᠡ ᠪᠠᠨ ᠭᠠᠵᠠᠷ ᠲᠤ ᠠᠯᠳᠠᠪᠠ᠃
᠊᠊᠊᠊᠊᠊᠊᠊᠊᠊᠊᠊᠊᠊᠊ ᠭᠡᠨ ᠪᠣᠢ︖
᠊᠊᠊᠊᠊᠊᠊᠊᠊᠊᠊᠊᠊᠊᠊ ᠷᠠ᠊ ᠁ ᠷᠠ᠊ ᠁ ᠷᠠᠰᠢ︕
᠊᠊᠊᠊᠊᠊᠊᠊᠊᠊᠊᠊᠊᠊᠊ ᠠᠯᠢ ᠷᠠᠰᠢ︖
᠊᠊᠊᠊᠊᠊᠊᠊᠊᠊᠊᠊᠊᠊᠊ ᠤᠢ᠌ᠴᠢᠨ ᠷᠠᠰᠢ︕
᠊᠊᠊᠊᠊᠊᠊᠊᠊᠊᠊᠊᠊᠊᠊ ᠴᠤᠭᠭᠠᠷ ᠠᠮᠤᠷ ᠮᠠᠠᠳᠤ ᠪᠠᠢ᠌ᠨ᠎ᠠ ᠦᠦ︖
᠊᠊᠊᠊᠊᠊᠊᠊᠊᠊᠊᠊᠊᠊᠊ ᠁ ᠁
ᠬᠤᠶᠠᠷ ᠡᠪᠦᠭᠡᠨ ᠢᠩᠭᠢᠭᠡᠳ ᠯᠠ ᠬᠠᠯᠠᠭᠤᠨ ᠴᠤ ᠪᠢᠰᠢ᠂ ᠭᠦᠢᠳᠡᠨ ᠴᠤ ᠪᠢᠰᠢ ᠪᠠᠷ ᠮᠠᠠᠳᠤᠯᠠᠨ ᠠᠭᠤᠯᠵᠠᠪᠠ᠃
ᠷᠠᠰᠢ ᠶᠠᠭᠤ ᠭᠡᠯᠡᠭᠦ ᠪᠠᠨ ᠮᠡᠳᠡᠭ᠍ᠰᠡᠨ ᠦᠭᠡᠶ᠂ ᠨᠤᠳᠤᠭ ᠭᠤᠯᠤᠮᠳᠠ ᠪᠠᠨ ᠳᠦᠢᠮᠡᠷᠳᠡᠭ᠍ᠰᠡᠨ ᠨᠤᠬᠠᠢ ᠭᠡᠵᠤ ᠴᠡᠭᠡᠵᠢ ᠳᠤᠳᠤᠷ᠎ᠠ ᠪᠠᠨ ᠭᠢᠯᠢᠩᠨᠠᠨ ᠰᠢᠳᠤ ᠪᠠᠨ ᠵᠠᠭᠤᠵᠤ ᠪᠠᠢ᠌ᠪᠠᠴᠤ᠂ ᠣᠢ᠌ᠯᠠ ᠶᠢᠨ ᠦᠷ᠎ᠡ ᠪᠠᠨ ᠦᠵᠡᠵᠤ ᠭᠦᠢᠴᠡᠭᠡᠳ ᠭᠦᠮᠤᠨ ᠴᠢᠦᠡᠭᠦᠷ ᠤᠨ ᠠᠯᠢ ᠨᠢ ᠴᠤ ᠭᠡᠭᠦ ᠶᠢᠨ ᠠᠷᠭ᠎ᠠ ᠦᠭᠡᠶ ᠪᠣᠯᠤᠭᠰᠠᠨ ᠢ ᠨᠢ ᠬᠠᠷᠠᠵᠤ᠂ 《ᠭᠦᠭᠡᠷᠦᠭᠦᠢ᠂ ᠭᠦᠮᠤᠨ ᠤ ᠭᠠᠭᠴᠠ ᠭᠦᠪᠠᠭᠦᠨ ᠪᠢᠯᠠ》 ᠭᠡᠵᠤ ᠴᠤ ᠪᠣᠳᠤᠭᠠᠤᠨ ᠡᠯᠢᠭᠡ ᠨᠢ ᠡᠪᠠᠳᠤᠨ᠎ᠡ᠃
ᠪᠠᠶᠠᠨ ᠭᠡᠨᠡᠳᠲᠡ ᠄
᠊᠊᠊᠊᠊᠊᠊᠊᠊᠊᠊᠊᠊᠊᠊ ᠷᠠᠰᠢ ᠠᠠᠳᠠ ᠮᠢᠨᠢ᠂ ᠪᠢ ᠡᠨᠡ ᠳᠠᠭᠢᠯᠭ᠎ᠠ ᠶᠢᠨ ᠬᠤᠰᠤᠮ ᠢ ᠯᠠ ᠵᠤᠷᠢᠵᠤ ᠢᠷᠠᠯ᠎ᠠ ᠪᠢ ᠁ ᠴᠢᠮ᠎ᠠ ᠡᠴᠠ ᠭᠤᠷᠪᠠᠨ ᠵᠣᠢ᠌ᠯ ᠭᠦᠰᠡᠶ᠎ᠡ︕ ᠮᠤᠩᠭ᠋ᠤᠯ ᠭᠦᠮᠤᠨ ᠤ ᠴᠠᠭᠠᠨ ᠰᠡᠳᠭᠢᠯ ᠶᠢᠡᠷ ᠦᠷᠦᠰᠢᠶᠡᠭᠦ ᠦᠦ︖ ᠁ ᠴᠢ ᠵᠦᠪᠳᠠᠢ ᠦᠵᠡᠪᠠᠯ᠂ ᠨᠢᠭᠡ ᠳᠤ᠂ ᠨᠠᠳᠠ ᠳᠤ ᠨᠢᠭᠡ ᠳᠠᠮᠤᠷ ᠭᠦᠷᠵᠡ ᠥᠭ᠌︕ ᠬᠤᠶᠠᠷ ᠲᠤ᠂ ᠪᠢ ᠥᠭᠦᠭᠦᠯ᠎ᠡ ᠮᠠᠯᠳᠠᠭᠰᠠᠨ ᠨᠥᠭᠡᠨ ᠳᠤ ᠮᠢᠨᠢ ᠪᠣᠯᠠᠵᠤ ᠣᠷᠭᠢ︕ ᠭᠤᠷᠪᠠ ᠳᠤ᠂ ᠪᠢ ᠶᠠᠮᠠᠷ ᠴᠤ ᠭᠦᠮᠤᠨ ᠳᠤ ᠣᠴᠠᠷᠠᠬᠤ ᠳᠤᠷ᠎ᠠ ᠦᠭᠡᠶ ᠪᠠᠢ᠌ᠨ᠎ᠠ ᠪᠢ︕ ᠭᠡᠵᠤ ᠭᠡᠯᠡᠭᠡᠳ ᠪᠣᠰᠴᠤ ᠵᠤᠭᠰᠤᠪᠠ᠃
ᠷᠠᠰᠢ᠂ ᠭᠦᠷᠵᠡ ᠪᠠᠨ ᠦᠭᠭᠦ ᠡᠰᠡᠭᠦ ᠪᠠᠨ ᠮᠡᠳᠡᠭ᠍ᠰᠡᠨ ᠦᠭᠡᠶ᠃ ᠳᠦᠷᠦᠭ᠍ᠰᠡᠨ ᠨᠤᠳᠤᠭ ᠲᠠᠭᠠᠨ ᠶᠠᠰᠤ ᠪᠠᠨ ᠳᠠᠯᠪᠢᠬᠤ ᠭᠡᠳᠡᠭ᠌ ᠨᠢ ᠭᠦᠮᠤᠨ ᠤ ᠵᠦᠢ ᠪᠣᠯᠪᠠᠴᠤ ᠠᠮᠢᠳᠠᠢ ᠭᠦᠮᠤᠨ ᠠᠮᠢ ᠪᠠᠨ ᠬᠤᠷᠤᠭᠠᠬᠤ ᠳᠤ ᠨᠢ ᠭᠦᠷᠵᠡ ᠪᠠᠨ ᠥᠭ᠍ᠴᠤ ᠳᠠᠮ ᠪᠣᠯᠬᠤ ᠭᠡᠳᠡᠭ᠌ ᠨᠢ ᠨᠢᠭᠦᠯ ᠪᠣᠯᠬᠤ ᠨᠢ ᠡ ᠭᠡᠵᠤ ᠮᠠᠯᠠᠷᠠᠨᠡ᠃
ᠬᠤᠶᠠᠷ ᠡᠪᠦᠭᠡᠨ ᠪᠦᠯᠡᠭᠡ ᠵᠠᠯᠭᠢᠴᠢᠬᠠᠭᠰᠠᠨ ᠮᠠᠳᠤ ᠪᠣᠯᠵᠤ ᠨᠢᠭᠡ ᠨᠢᠭᠡᠨ ᠳᠠᠯ᠎ᠠ ᠪᠠᠨ ᠬᠠᠷᠠᠨ ᠥᠭᠡ ᠳᠠᠭᠤᠤ ᠦᠭᠡᠶ᠂ ᠮᠤᠷᠢᠨ ᠤ ᠱᠤᠩ ᠰᠢᠭ ᠭᠡᠰᠡᠭ᠌ ᠣᠳᠠᠭᠠᠨ ᠵᠤᠭᠰᠤᠵᠤ ᠪᠠᠢ᠌ᠭᠠᠤᠨ᠂ ᠷᠠᠰᠢ ᠭᠠᠵᠠᠷ ᠲᠤ ᠣᠨᠠᠭᠰᠠᠨ ᠭᠦᠷᠵᠡ ᠶᠢ ᠭᠦᠯ ᠶᠢᠡᠷ ᠶᠢᠡᠨ ᠰᠢᠯᠵᠢᠭᠦᠯᠵᠤ ᠪᠠᠶᠠᠨ ᠤ ᠡᠮᠤᠨ᠎ᠡ ᠭᠦᠷᠭᠡᠭᠡᠳ᠄
᠊᠊᠊᠊᠊᠊᠊᠊᠊᠊᠊᠊᠊᠊᠊ ᠪᠠᠶ᠎ᠠ ᠶᠢᠨ ᠴᠢᠨᠢ ᠁ ᠨᠢ᠊ ᠁ ᠨᠢᠭᠦᠯ᠂ ᠪᠠᠶ᠎ᠠ ᠳᠡᠭᠡᠨ᠁ ᠭᠡᠵᠤ ᠭᠡᠯᠡᠭᠡᠳ ᠡᠷᠭᠢᠵᠤ ᠶᠠᠪᠣᠯ᠎ᠠ᠃ ᠪᠠᠶᠠᠨ 《ᠦᠨᠡᠨ︕》 ᠭᠡᠵᠤ ᠭᠡᠯᠡᠭᠡᠳ ᠭᠦᠷᠵᠡ ᠶᠢ ᠳᠠᠮᠳᠠᠷᠢᠨ ᠠᠪᠣᠪᠠ᠃
ᠳᠠᠷᠠᠭ᠎ᠠ ᠦᠷᠯᠦᠭᠡ ᠷᠠᠰᠢ ᠭᠠᠵᠠᠭ᠎ᠠ ᠭᠠᠷᠬᠤ ᠳᠤ 《ᠳᠤᠷᠭᠠᠨ ᠤ ᠳᠠᠭᠢᠯᠭ᠎ᠠ》 ᠡᠴᠠ ᠦᠨᠦᠴᠢᠨ ᠭᠦᠭᠡ ᠣᠳᠤᠭᠠᠨ ᠪᠣᠷᠭᠢᠯᠵᠤ ᠪᠠᠢ᠌ᠯ᠎ᠠ᠃ ᠷᠠᠰᠢ᠄
᠊᠊᠊᠊᠊᠊᠊᠊᠊᠊᠊᠊᠊᠊᠊ ᠡ ᠴᠠᠪᠠᠰᠤ︕ ᠭᠦᠮᠤᠨ ᠭᠡᠳᠡᠭ᠌︕ ᠭᠡᠵᠤ ᠪᠢᠳᠡᠭᠦᠤ ᠵᠠᠯᠪᠠᠷᠢᠪᠠ᠃
ᠷᠠᠰᠢ ᠡᠪᠦᠭᠡᠨ ᠦᠷᠯᠦᠭᠡ ᠶᠢᠨ ᠴᠠᠢ ᠶᠢᠨ ᠳᠠᠷᠠᠭ᠎ᠠ ᠡᠮᠡᠭᠡᠨ ᠶᠢᠡᠨ ᠳᠠᠭᠠᠭᠤᠯᠤᠨ ᠳᠠᠯᠠᠪᠠᠢ ᠶᠢᠨ ᠳᠠᠷᠤᠭ᠎ᠠ ᠶᠢᠨ ᠠᠯᠪᠠᠨ ᠭᠡᠷ ᠲᠤ ᠭᠦᠷᠴᠤ ᠣᠷᠤᠪᠠ᠃ ᠳᠡᠭᠡᠭᠡᠳ ᠳᠠᠷᠠ ᠡᠳᠦᠷ ᠡᠴᠡ ᠡᠭᠢᠯᠡᠨ ᠳᠠᠯᠠᠪᠠᠢ ᠡᠴᠠ ᠪᠠᠶᠠᠨ ᠡᠪᠦᠭᠡᠨ ᠳᠤ ᠭᠦᠨᠡᠰᠤ ᠨᠤᠷᠮ᠎ᠠ ᠭᠠᠷᠭᠠᠵᠤ ᠥᠭ᠍ᠴᠡᠢ᠃
ᠴᠠᠭ ᠬᠤᠭᠤᠴᠠᠭ᠎ᠠ ᠥᠩᠭᠡᠷᠡᠭ᠍ᠰᠡᠭᠡᠷ 《ᠳᠤᠷᠭᠠᠨ ᠤ ᠳᠠᠭᠢᠯᠭ᠎ᠠ》 ᠡᠴᠠ ᠦᠨᠦᠴᠢᠨ ᠣᠳᠤᠭ᠎ᠠ ᠭᠠᠷᠳᠠᠭ ᠨᠢ ᠶᠠᠷᠤ ᠶᠢᠨ ᠣᠴᠢᠷ ᠪᠣᠯᠵᠤ ᠭᠤᠷᠪᠠᠨ ᠵᠢᠯ ᠤᠨ ᠨᠢᠭᠤᠷ ᠦᠵᠡᠪᠠ᠃ ᠳᠠᠯᠠᠪᠠᠢ ᠶᠢᠨ ᠭᠢᠨ ᠤ ᠭᠡᠨ ᠨᠢᠭᠡᠨ ᠠᠢ᠌ᠯ ᠮᠠᠯ ᠭᠠᠷᠭᠠᠪᠠᠯ ᠪᠠᠶᠠᠨ ᠤ ᠨᠥᠭᠡᠨ ᠭᠡᠷ ᠤᠨ ᠰᠢᠷᠤᠢ ᠳᠠᠯᠪᠢᠴᠠ ᠶᠢᠨ ᠳᠡᠭᠡᠷᠡᠭᠢ ᠳᠠᠮᠤᠷ ᠠᠶᠠᠭ᠎ᠠ ᠳᠤᠳᠤᠷ᠎ᠠ ᠱᠦᠯᠦ ᠲᠡᠶ ᠪᠣᠳᠠᠭᠠᠨ ᠭᠢᠭ᠍ᠳᠡᠵᠤ᠂ ᠶᠠᠮᠠᠷ ᠨᠢᠭᠡ ᠬᠤᠷᠢᠮ ᠨᠠᠢ᠌ᠷ ᠪᠣᠯᠪᠠᠯ᠂ ᠪᠠᠶᠠᠨ ᠡᠪᠦᠭᠡᠨ ᠤ ᠳᠠᠮᠤᠷ ᠠᠶᠠᠭ᠎ᠠ ᠳᠤ ᠯᠠᠩ ᠵᠢᠩ ᠠᠷᠢᠭᠢ ᠭᠢᠭ᠍ᠳᠡᠬᠦ ᠨᠢ ᠶᠠᠷᠤ ᠶᠢᠨ ᠣᠴᠢᠷ ᠪᠣᠯᠤᠯ᠎ᠠ᠃ ᠭᠡᠪᠠᠴᠤ ᠢᠩᠭᠢᠵᠤ ᠪᠣᠶᠠᠨ ᠭᠢᠭ᠍ᠰᠡᠨ ᠶᠢᠡᠨ ᠠᠢ᠌ᠯ ᠪᠦᠭᠦᠨ ᠨᠢᠭᠡ ᠨᠢᠭᠡᠨ ᠡᠴᠡ ᠪᠠᠨ ᠨᠢᠭᠤᠳᠠᠭ ᠨᠢ ᠰᠤᠨᠢᠨ ᠪᠦᠭᠡᠳ ᠪᠦᠭᠦᠯᠢ ᠭᠤᠷᠪᠠᠨ ᠵᠢᠯ ᠤᠨ ᠳᠤᠷᠰᠢ ᠪᠠᠶᠠᠨ ᠡᠪᠦᠭᠡᠨ ᠲᠡᠶ ᠨᠢᠭᠡ ᠴᠤ ᠭᠦᠮᠤᠨ ᠠᠭᠤᠯᠵᠠᠨ ᠶᠠᠷᠢᠯᠴᠠᠭᠰᠠᠨ ᠦᠭᠡᠶ ᠨᠢ ᠪᠠᠰᠠ ᠨᠢᠭᠡ ᠰᠤᠨᠢᠨ ᠭᠡᠷᠡᠭ᠌ ᠡ᠃
ᠪᠠᠶᠠᠨ ᠡᠳᠦᠷ ᠪᠦᠷᠢ ᠬᠤᠰᠤᠮ ᠤᠨ ᠣᠢ ᠳᠤᠳᠤᠷ᠎ᠠ ᠨᠥᠭᠡ ᠮᠠᠯᠳᠠᠨ ᠬᠤᠰᠤᠮ ᠳᠠᠷᠢᠵᠤ᠂ ᠣᠷᠭᠤᠭ᠎ᠠ ᠬᠤᠰᠤᠮ ᠤᠳ ᠤᠨ ᠰᠠᠯᠠᠭ᠎ᠠ ᠨᠠᠮᠠᠭ᠎ᠠ ᠶᠢ ᠵᠠᠰᠠᠨ᠂ ᠣᠢ ᠳᠤ ᠣᠷᠤᠭᠰᠠᠨ ᠮᠠᠯ ᠬᠠᠷ᠎ᠠ ᠶᠢ ᠭᠦᠭᠡᠭᠡᠵᠤ ᠳᠠᠭᠤᠵᠤ ᠶᠠᠪᠣᠨ᠎ᠠ᠃
ᠨᠢᠭᠡ ᠦᠷᠯᠦᠭᠡ ᠷᠠᠰᠢ ᠡᠪᠦᠭᠡᠨ ᠪᠣᠰᠴᠤ ᠭᠠᠵᠠᠭ᠎ᠠ ᠭᠠᠷᠤᠭᠠᠤᠨ ᠬᠠᠷᠠᠬᠤ ᠳᠤ ᠳᠠᠭᠢᠯᠭ᠎ᠠ ᠶᠢᠨ ᠵᠥᠭ᠌ ᠡᠴᠡ ᠣᠳᠤᠭ᠎ᠠ ᠭᠠᠷᠴᠤ ᠦᠭᠡᠶ ᠪᠠᠢ᠌ᠯ᠎ᠠ᠃ ᠷᠠᠰᠢ ᠰᠠᠠᠳᠤᠷᠤᠨ ᠭᠡᠷ ᠲᠡᠭᠡᠨ ᠣᠷᠤᠵᠤ 《ᠬᠤ᠋ ᠁ ᠬᠤᠢ︕ ᠡᠮᠡᠭᠡᠨ᠂ ᠣᠳᠤᠭ᠎ᠠ ᠳᠠᠰᠤᠷᠠᠵᠠᠢ︕》 ᠭᠡᠵᠤ ᠬᠠᠰᠭᠢᠷᠤᠭᠠᠤᠨ᠂ ᠪᠣᠯᠠᠭ ᠳᠠᠯ᠎ᠠ ᠭᠠᠷᠴᠤ ᠬᠤᠷᠳᠤᠯᠠᠪᠠ᠃ ᠡᠪᠦᠭᠡᠨ ᠰᠠᠮᠠᠭᠠᠨ ᠬᠤᠶᠠᠷ ᠨᠢᠭᠡ ᠠᠮᠢ ᠪᠠᠷ ᠳᠠᠭᠠᠯᠳᠤᠨ ᠭᠦᠷᠭᠦ ᠳᠤ᠂ ᠪᠠᠶᠠᠨ ᠠᠯᠠᠭ᠎ᠠ ᠪᠠᠨ ᠮᠠᠩᠨᠠᠢ ᠳᠡᠭᠡᠷ᠎ᠡ ᠪᠠᠨ ᠬᠠᠪᠰᠤᠷᠤᠨ ᠡᠯᠢᠭᠡᠳᠡᠨ ᠣᠨᠠᠭᠰᠠᠨ ᠪᠠᠢ᠌ᠪᠠ᠃ ᠷᠠᠰᠢ ᠳᠡᠭᠦᠨ ᠢ ᠳᠠᠳᠠᠵᠤ ᠥᠡᠳᠡᠢ᠌ᠯᠭᠡᠭ᠍ᠰᠡᠨ ᠳᠤ ᠳᠠᠷᠠ ᠮᠠᠷ ᠮᠠᠷ ᠠᠮᠢᠰᠬᠤᠭ᠎ᠠ ᠲᠡᠶ ᠪᠠᠢ᠌ᠵᠠᠢ᠃
᠊᠊᠊᠊᠊᠊᠊᠊᠊᠊᠊᠊᠊᠊᠊ ᠪᠠ᠊ ᠁ ᠪᠠᠶᠠᠨ᠂ ᠪᠠᠶᠠᠨ︕ ᠭᠡᠵᠤ ᠷᠠᠰᠢ ᠳᠠᠭᠤᠳᠠᠬᠤ ᠳᠤ ᠰᠤᠬᠤᠷ ᠡᠪᠦᠭᠡᠨ ᠳᠤᠯᠤᠭᠠᠢ ᠪᠠᠨ ᠠᠷᠠᠢ ᠡᠷᠭᠦᠵᠤ᠄
᠊᠊᠊᠊᠊᠊᠊᠊᠊᠊᠊᠊᠊᠊᠊ ᠳᠤᠷᠭᠠᠨ ᠢᠷᠠᠪᠠ ᠦᠦ︖ ᠭᠡᠯᠡ
᠊᠊᠊᠊᠊᠊᠊᠊᠊᠊᠊᠊᠊᠊᠊ ᠢᠷᠠᠪᠠ ᠭᠡᠵᠤ ᠳᠤᠷᠭᠠᠨ ᠬᠠᠵᠠᠭᠤ ᠡᠴᠠ ᠨᠢ ᠶᠠᠷᠢᠬᠤ ᠳᠤ
᠊᠊᠊᠊᠊᠊᠊᠊᠊᠊᠊᠊᠊᠊᠊ ᠭᠠᠷ ᠡᠴᠠ ᠴᠢᠨᠢ ᠁ ᠴᠠᠭᠠᠨ ᠰᠥ᠋ ᠠᠮᠰᠠᠶ᠎ᠠ ᠭᠡᠵᠤ ᠪᠠᠶᠠᠨ ᠴᠡᠴᠡᠷᠡᠭ᠍ᠰᠡᠨ ᠨᠠᠮ ᠳᠠᠭᠤ ᠪᠠᠷ ᠠᠷᠠᠢ ᠭᠡᠯᠡᠯ᠎ᠡ᠃ ᠳᠤᠷᠭᠠᠨ ᠬᠤᠷᠮᠤᠢ ᠭᠡᠢ᠌ᠰᠭᠡᠨ ᠰᠠᠯᠪᠠᠭᠠᠳᠠᠨ ᠭᠦᠶᠦᠭ᠍ᠰᠡᠭᠡᠷ ᠭᠡᠷ ᠲᠡᠭᠡᠨ ᠭᠦᠷᠴᠤ ᠨᠢᠭᠡ ᠠᠶᠠᠭ᠎ᠠ ᠪᠦᠯᠢᠶᠡᠨ ᠰᠥ᠋ ᠠᠪᠴᠤ ᠢᠷᠡᠭᠦ ᠳᠤ ᠪᠠᠶᠠᠨ ᠡᠪᠦᠭᠡᠨ ᠨᠢᠭᠡᠨᠲᠡ ᠠᠮᠢᠰᠬᠤᠯ ᠬᠤᠷᠢᠶᠠᠴᠢᠬᠠᠭᠰᠠᠨ ᠪᠠᠢ᠌ᠵᠠᠢ᠃
ᠵᠠᠯᠠᠭᠤ ᠨᠠᠰᠤᠨ ᠳᠠᠭᠠᠨ ᠬᠠᠢ᠌ᠷᠠᠯᠠᠨ ᠬᠠᠨᠢᠯᠠᠭᠰᠠᠨ ᠠᠪᠠᠯᠢ ᠶᠢᠨ ᠶᠢᠡᠨ ᠭᠠᠷ ᠡᠴᠠ ᠴᠠᠭᠠᠨ ᠰᠥ᠋ ᠠᠮᠰᠠᠬᠤ ᠭᠡᠰᠡᠨ ᠡᠳᠥᠢᠭᠡᠨ ᠭᠦᠰᠡᠯ ᠳᠡᠭᠡᠨ ᠭᠦᠷᠴᠤ ᠴᠤ ᠴᠢᠳᠠᠯ ᠦᠭᠡᠶ ᠣᠯᠠᠭᠠᠨ ᠭᠤᠤᠯ ᠨᠢ ᠳᠠᠰᠤᠷᠠᠭᠰᠠᠨ ᠡᠨᠡ ᠭᠦ ᠭᠢᠯᠢᠠᠴᠠᠳᠤ ᠠᠮᠢᠨ ᠤ ᠲᠦᠯᠦᠭᠡ ᠣᠶᠠᠷᠠᠯ ᠤᠨ ᠳᠡᠭᠡᠵᠢ ᠡᠷᠭᠦᠵᠤ ᠪᠠᠢ᠌ᠨ᠎ᠠ ᠭᠡᠮᠡᠷ᠂ ᠠᠯᠢᠪᠠ ᠶᠢ ᠠᠷᠢᠭᠤᠤᠠᠬᠠᠭᠴᠢ ᠴᠠᠭᠠᠨ ᠰᠥ᠋ ᠴᠠᠯᠭᠢᠷᠠᠨ ᠴᠠᠯᠭᠢᠨ ᠁ ᠬᠠᠷ᠎ᠠ ᠰᠢᠷᠤᠢ ᠳᠤ ᠠᠰᠬᠠᠷᠠᠨ ᠁ ᠠᠰᠬᠠᠷᠠᠨ ᠰᠢᠩᠭᠡᠵᠤ ᠪᠠᠢ᠌ᠪᠠ ᠁
ᠵᠤᠬᠢᠶᠠᠭᠴᠢ ᠶᠢᠨ ᠬᠠᠶᠢᠭ ᠄ ᠰᠢᠠᠵᠢᠶᠠᠩ ᠤᠨ ᠦᠷᠤᠮᠴᠢ ᠬᠤᠳᠠ
ᠵᠤᠬᠢᠶᠠᠭᠴᠢ᠄ ᠪᠠ᠊·ᠵᠠᠰᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 9244
ᠴᠠᠭ᠄ 2011 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ