ᠨᠡᠪᠲᠡᠷᠡᠨ ᠤᠷᠤᠬᠤ
ᠤᠯᠠᠭᠠᠠᠬᠠᠳᠠ ᠶᠢᠨ ᠰᠤᠶᠤᠯ

ᠣᠷᠪᠠᠵᠤ ᠭᠦᠷᠪᠠᠨ ᠡᠷᠭᠡ ᠴᠢᠯᠦᠭᠡ ᠮᠠᠠᠳᠤᠯ᠎ᠠ

ᠣᠯᠤᠰ ᠭᠡᠷ ᠤᠨ ᠲᠦᠯᠦᠭᠡ ᠰᠢᠡᠵᠢᠯᠡᠭᠦ ᠣᠬᠠᠭᠠᠨ ᠭᠦᠭ᠍ᠵᠢᠯ᠎ᠡ

ᠣᠳᠠᠨ ᠨᠤᠳᠤᠭ ᠮᠢᠨᠢ ᠣᠷᠤᠰᠬᠠᠯ ᠳᠠᠭᠠᠵᠤ ᠰᠢᠯᠵᠢᠨ᠎ᠠ

ᠣᠯᠠᠭᠠᠨ ᠨᠢᠯᠬ᠎ᠠ ᠬᠡᠦᠬᠡᠳ ᠤᠳ ᠰᠤᠶᠤᠯ ᠤᠨ ᠮᠦᠷ ᠭᠦᠭᠡᠭᠡᠨ᠎ᠡ

ᠣᠬᠠᠭᠠᠠᠳᠤ ᠪᠣᠭᠤᠷᠤᠯ ᠨᠠᠰᠤᠳᠠᠤᠨ ᠮᠢᠨᠢ ᠳᠡᠦᠭᠡ ᠡᠷᠭᠢᠴᠡᠭᠦᠯᠦᠨ᠎ᠡ


ᠨᠠᠢ᠌ᠷᠠᠭ ᠤᠨ ᠭᠡᠷᠡᠯ ᠰᠠᠴᠤᠷᠠᠵᠤ

ᠠᠢ᠌ᠷᠠᠭ ᠤᠨ ᠳᠠᠯᠠᠢ ᠪᠣᠰᠤᠭᠰᠠᠨ

ᠠᠯᠳᠠᠨ ᠨᠤᠳᠤᠭ ᠤᠨ ᠡᠷᠭᠢᠨ ᠡᠴᠡ

ᠠᠷᠠᠤᠨ ᠲᠦᠮᠡᠨ ᠤ ᠣᠷᠠᠢ ᠬᠠᠩᠭᠢᠨᠠᠨ᠎ᠠ

ᠠᠪᠣᠷᠭᠤ ᠬᠠᠢ᠌ᠷᠬᠠᠨ ᠤ ᠣᠷᠭᠢᠯ ᠳ᠋ᠤᠨᠢ

ᠠᠪᠣ ᠶᠢᠨ ᠨᠤᠳᠤᠭ ᠥᠵᠡᠭ᠍ᠳᠡᠮᠡᠷ

ᠠᠯᠳᠠᠷ ᠴᠤᠤᠳᠤ ᠭᠦᠮᠦᠰ ᠤᠨ ᠥᠯᠦᠭᠡᠢ

ᠠᠯᠳᠠᠷ ᠴᠤᠤ ᠲᠡᠶ ᠣᠯᠠᠭᠠᠨ ᠬᠠᠳᠠ᠃


ᠰᠢᠯᠢ ᠶᠢ ᠳᠠᠷᠤᠯᠠᠭᠰᠠᠨ ᠪᠦᠭᠡᠴᠦᠳ ᠤᠨ ᠳᠤᠮᠤᠭ ᠲᠡᠶ

ᠰᠢᠳᠢ ᠥᠵᠡᠭᠦᠯᠦᠭ᠍ᠰᠡᠨ ᠬᠤᠪᠢᠯᠭᠠᠠᠳᠠᠤᠨ ᠤᠨ ᠥᠯᠢᠭᠡᠷ ᠲᠡᠶ

ᠰᠢᠵᠢᠷ ᠠᠯᠳᠠᠨ ᠴᠠᠭ ᠮᠦᠴᠡ ᠳᠤ

ᠰᠢᠷᠢ ᠣᠪᠣᠭᠠᠯᠠᠭᠰᠠᠨ ᠮᠠᠯᠴᠢᠳ ᠤᠨ ᠠᠮᠢᠳᠤᠷᠠᠯ ᠲᠡᠶ

ᠰᠢᠨᠡᠭᠡᠨ ᠪᠠᠢ᠌ᠭᠤᠯᠤᠭᠰᠠᠨ ᠮᠤᠩᠭ᠋ᠤᠯ ᠠᠮᠢᠳᠤᠷᠠᠯ

ᠰᠢᠮ᠎ᠠ ᠷᠠᠰᠢᠶᠠᠯᠠᠭᠰᠠᠨ ᠳᠠᠯ᠎ᠠ ᠨᠤᠳᠤᠭ

ᠰᠢᠨᠡᠭᠡᠨ ᠨᠠᠷᠠᠨ ᠤ ᠳᠤᠶᠠᠭᠠᠨ ᠳᠤ

ᠰᠢᠵᠢᠷᠳᠠᠵᠤ ᠳᠤᠶᠠᠭᠠᠷᠠᠭᠰᠠᠨ ᠵᠤᠤ ᠣᠳᠠ᠃


ᠡᠵᠢ ᠶᠢᠨ ᠡᠪᠦᠷ ᠰᠢᠭ ᠳᠤᠯᠠᠭᠠᠬᠠᠨ

ᠡᠯᠢᠭᠡᠨ ᠨᠤᠳᠤᠭ ᠮᠢᠨᠢ ᠰᠤᠶᠤᠯ

ᠡᠭᠡ ᠣᠷᠤᠨ ᠤ ᠮᠢᠨᠢ ᠭᠦᠷᠦᠰᠤ

ᠡᠰᠨᠢᠭᠦ ᠬᠤᠷᠸ᠎ᠠ ᠶᠢᠨ ᠳᠡᠦᠭᠡ

ᠡᠷᠢᠯ ᠭᠦᠰᠡᠯ ᠤᠨ ᠵᠤᠭ᠎ᠠ

ᠡᠷᠭᠢᠵᠤ ᠰᠠᠨᠠᠭᠳᠠᠬᠤ ᠨᠤᠳᠤᠭ

ᠡᠨᠡ ᠪᠣᠯ ᠮᠢᠨᠤ ᠨᠤᠳᠤᠭ

ᠡᠭᠡᠳᠡᠷᠡᠰᠢ ᠦᠭᠡᠶ ᠥᠯᠦᠭᠡᠢ᠂ ᠣᠯᠠᠭᠠᠨ ᠬᠠᠳᠠ᠃



ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠪᠠᠶᠠᠠᠪᠣᠯᠠᠭ ᠶᠡᠷᠦᠩᠭᠡᠢ ᠰᠤᠷᠭᠠᠭᠤᠯᠢ

ᠵᠤᠬᠢᠶᠠᠭᠴᠢ᠄ ᠪ᠊·ᠮᠡᠷᠭᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12138
ᠴᠠᠭ᠄ 2011 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ