ᠨᠡᠪᠲᠡᠷᠡᠨ ᠤᠷᠤᠬᠤ
ᠮᠤᠩᠭ᠋ᠤᠯ ᠰᠤᠶᠤᠯ ᠊᠊᠊᠊᠊᠊᠊᠊᠊᠊᠊᠊᠊᠊᠊ ᠮᠤᠩᠭ᠋ᠤᠯ ᠪᠠᠭᠰᠢ

ᠠᠷᠪᠠᠨ ᠵᠢᠯ ᠤᠨ ᠠᠷᠠᠤᠨ ᠤᠨ ᠪᠠᠭᠰᠢ ᠶᠢᠨ ᠣᠢ᠌ᠯᠠᠰ

ᠠᠯᠪᠠ ᠬᠠᠰᠢᠬᠤ ᠶᠢ ᠶᠠᠷᠤ ᠨᠢ ᠪᠢ ᠪᠣᠳᠤᠭ᠎ᠠ ᠦᠭᠡᠶ᠂

ᠠᠷᠭᠤᠮᠠᠭ ᠵᠤᠷᠢᠭ ᠶᠡᠭᠡ ᠭᠦᠰᠡᠯ ᠡᠪᠦᠷᠯᠡᠵᠤ

ᠠᠯᠳᠠ ᠪᠠᠶ᠎ᠠ ᠮᠢᠨᠢ ᠭᠡᠳᠦᠷᠭᠡᠢ ᠵᠤᠪᠠᠭᠰᠠᠨ ᠴᠤ ᠶᠠᠭᠠᠭᠢᠮᠠᠢ︕

ᠪᠦᠭᠡ ᠪᠢᠰᠢ ᠲᠤᠩ ᠴᠤ ᠭᠡᠪᠠᠷᠡᠭ᠌

ᠦᠨᠳᠦᠰᠦᠳᠠᠨ ᠤ ᠮᠢᠨᠢ ᠰᠤᠶᠤᠯ

ᠪᠦᠭᠡᠴᠡᠭᠡᠢ᠌ᠯᠡᠵᠤ ᠬᠠᠮᠠᠭᠠᠯᠠᠬᠤ ᠮᠠᠨ ᠤ ᠮᠤᠩᠭ᠋ᠤᠯ ᠤᠨ

ᠪᠦᠷᠢᠨ ᠪᠢᠰᠢ ᠴᠠᠳᠢᠭ ᠤᠳ᠂

ᠣᠨ ᠤ ᠣᠷᠤᠰᠬᠠᠯ ᠳᠤ ᠱᠠᠩᠳᠤ ᠶᠢᠨ ᠪᠠᠭᠤᠷᠢ

ᠱᠠᠰᠳᠢᠷ ᠲᠤ ᠴᠠᠳᠢᠭ ᠶᠢᠡᠨ ᠥᠯᠡᠳᠡᠭᠡ ᠦᠭᠡᠶ ᠴᠤ᠂

ᠣᠤᠯᠢᠬᠠᠢ ᠠᠷᠠᠤᠨ ᠮᠢᠩ ᠤᠨ ᠳᠡᠨᠡᠭ᠍ᠴᠦᠦᠯ ᠳ᠋ᠤ

ᠣᠯᠠᠮᠵᠢᠯᠠᠯᠳᠤ ᠰᠤᠶᠤᠯ ᠶᠢᠡᠨ ᠳᠠᠯᠭᠢᠳᠠᠭᠤᠯᠪᠠᠴᠤ᠂

ᠲ᠋ᠡᠦᠭᠡ ᠡᠷᠭᠢᠵᠤ ᠴᠠᠭ ᠣᠯᠠᠷᠢᠨ

ᠮᠤᠩᠭ᠋ᠤᠯ ᠤᠨ ᠨᠠᠷᠠ ᠮᠠᠠᠳᠤᠪᠠᠰᠤ᠂

ᠲ᠋ᠡᠦᠭᠡᠴᠢᠨ ᠳᠤᠭᠳᠠᠬᠤ ᠲᠦᠷᠦᠯ ᠰᠤᠯᠢᠨ

ᠮᠤᠩᠭ᠋ᠤᠯ ᠤᠨ ᠳᠤᠳᠤᠷ᠎ᠠ ᠢᠯᠠᠷᠠᠪᠠᠰᠤ᠂

ᠭᠦᠭᠡ ᠮᠤᠩᠭ᠋ᠤᠯ ᠭᠦᠭ᠍ᠵᠢᠨ ᠪᠠᠳᠠᠷᠠᠵᠤ

ᠭᠦᠷᠦᠰᠦᠳᠤ ᠶ‍ᠢᠷᠳᠢᠠᠴᠤ ᠳᠤ ᠳᠠᠭᠤᠷᠢᠰᠬᠤ ᠶᠢᠨ ᠡᠷᠢᠨ᠂

ᠭᠦᠳᠡᠭᠡ ᠭᠦᠤ ᠮᠤᠩᠭ᠋ᠤᠯ ᠡᠷᠡᠰ

ᠭᠦᠮᠦᠭᠡᠢ ᠵᠠᠭᠤᠨ ᠪᠣᠰᠬᠤ ᠴᠠᠭ᠃


ᠮᠤᠩᠭ᠋ᠤᠯ ᠭᠦᠮᠤᠨ ᠮᠤᠳᠤᠨ ᠭᠡᠯᠡ ᠪᠠᠷ

ᠦᠪᠯᠠᠵᠤ ᠪᠣᠰᠤᠭᠰᠠᠨ ᠳᠡᠦᠭᠡ ᠦᠭᠡᠶ᠂

ᠮᠤᠩᠭ᠋ᠤᠯ ᠪᠠᠭᠰᠢ ᠲᠦᠷᠦᠯᠭᠢ ᠭᠡᠯᠡ ᠪᠠᠷ

ᠡᠷᠭᠦᠨ ᠪᠣᠰᠤᠭᠰᠠᠨ ᠳᠡᠦᠭᠡ ᠲᠡᠶ᠃

ᠬᠤᠯᠢᠮᠠᠭ ᠭᠡᠯᠡ ᠬᠤᠤᠷ᠎ᠠ ᠶᠢᠨ ᠦᠨᠳᠦᠰᠦ

ᠢᠵᠠᠭᠤᠷ ᠰᠤᠶᠤᠯ ᠢ ᠪᠠᠯᠠᠯᠠᠵᠤ᠂

ᠬᠤᠪᠢᠯᠠᠢ ᠬᠠᠭᠠᠨ ᠪᠣᠭᠤᠮᠳᠠ ᠶᠢᠨ ᠳᠤᠳᠤᠷ᠎ᠠ

ᠢᠷᠭᠡᠨ ᠰᠤᠶᠤᠯ ᠳᠤ ᠠᠭᠤᠰᠪᠠᠢ᠃

ᠲ᠋ᠡᠦᠭᠡ ᠪᠣᠯ ᠳᠤᠯᠢ ᠭᠡᠵᠤ

ᠭᠡᠨ ᠨᠢᠭᠡ ᠰᠢᠪᠠᠨᠡᠭᠦ ᠳᠤ᠂

ᠲ᠋ᠡᠭ᠍ᠷᠢ ᠪᠣᠯ ᠭᠦᠭᠡ ᠭᠡᠵᠤ

ᠲ᠋ᠠᠮᠤᠵᠢᠨ ᠡᠵᠡᠨ ᠪᠣᠰᠬᠤ ᠳᠤ᠂

ᠠᠷᠪᠠᠨ ᠭᠤᠷᠪᠠᠳᠤᠭᠠᠷ ᠵᠠᠭᠤᠨ ᠭᠡᠵᠤ

ᠠᠰᠤᠷᠤ ᠰᠥᠷᠯᠢᠭ᠌ ᠪᠠᠢ᠌ᠯ᠎ᠠ᠂

ᠠᠽᠢᠶ᠎ᠠ ᠧᠦ᠋ᠷᠦᠫᠡ ᠡᠪᠭᠡᠭ᠍ᠳᠡᠨ

ᠠᠯᠳᠠᠨ ᠲᠦᠷᠦ ᠳᠤᠭᠳᠠᠨᠢᠪᠠᠢ᠃

ᠵᠠᠭᠤᠨ ᠣᠨ ᠤ ᠰᠠᠯᠭᠢᠨ ᠰᠢᠭᠤᠷᠭᠠᠨ ᠳᠤ ᠵᠤᠪᠠᠵᠤ ᠳᠡᠰᠦᠭ᠍ᠰᠡᠨ

ᠪᠣᠭᠤᠮᠳᠠ ᠶᠢᠨ ᠳᠤᠳᠤᠷᠠᠭᠢ ᠳᠡᠦᠭᠡ᠂

ᠵᠤᠯᠭᠠᠷᠠᠬᠤ ᠨᠠᠪᠴᠢᠰ ᠮᠠᠳᠤ ᠭᠡᠢ᠌ᠰᠤᠨ ᠠᠷᠢᠯᠵᠤ

ᠲ᠋ᠡᠦᠭᠡᠨ ᠳᠠᠪᠴᠠᠩ ᠡᠴᠡ ᠣᠬᠤᠷᠢᠪᠠᠢ᠃

ᠡᠷᠭᠡ ᠠᠰᠢᠭ ᠥᠩᠭᠡ ᠮᠥᠩᠭᠦ ᠶᠢᠨ ᠳᠡᠮᠡᠴᠡᠭᠡᠨ

ᠡᠷᠳᠡᠨᠢ ᠰᠠᠭᠤᠳᠠᠯ ᠬᠠᠭᠠᠨ ᠰᠢᠷᠡᠭᠡ ᠶᠡᠭᠡ ᠬᠤᠤᠷ ᠤᠨ ᠦᠨᠳᠦᠰᠦ᠂


ᠡᠪᠯᠡᠷᠡᠵᠤ ᠳᠡᠢ᠌ᠯᠭᠦ ᠦᠭᠡᠶ ᠠᠯᠳᠠᠨ ᠣᠷᠤᠭ ᠤᠨ ᠵᠦᠷᠢᠴᠠᠯ

ᠡᠷᠭᠢᠵᠤ ᠳᠡᠢ᠌ᠯᠭᠦ ᠦᠭᠡᠶ ᠦᠨᠳᠦᠰᠦᠳᠠᠨ ᠤ ᠮᠠᠨᠢ ᠶᠡᠭᠡ ᠬᠤᠭᠢᠷᠠᠯ᠃

ᠮᠤᠩᠭ᠋ᠤᠯ ᠰᠤᠶᠤᠯ ᠪᠠᠤᠠᠮᠠᠯᠠᠨ ᠳᠡᠯᠭᠡᠷᠡᠵᠤ

ᠮᠥᠩᠭᠡ ᠳᠡᠭ᠍ᠷᠢ ᠳᠤ ᠠᠯᠳᠠᠷ ᠳᠠᠭᠤᠷᠢᠰᠤᠷᠤᠨ᠂

ᠮᠤᠩᠭ᠋ᠤᠯ ᠤᠨ ᠪᠠᠭᠰᠢ ᠨᠡᠷ ᠰᠢᠠᠳᠠᠰᠤ ᠰᠤᠩᠭ᠋ᠠᠨ

ᠮᠤᠷᠢᠳᠠᠨ ᠤ ᠰᠤᠶᠤᠯ ᠶᠢᠡᠷ ᠳᠡᠯᠡᠭᠡᠢ ᠶᠢ ᠳᠤᠪᠴᠢᠯᠠᠨᠠᠮ︕

ᠵᠤᠬᠢᠶᠠᠭᠴᠢ᠄ ᠪᠣᠷᠵᠢᠭᠢᠨ ᠡᠷᠳᠡᠮᠳᠤ
ᠢᠷᠡᠯᠲᠡ᠄ ᠪᠣᠷᠵᠢᠭᠢᠨ ᠡᠷᠳᠡᠮᠳᠤ
ᠬᠠᠷᠢᠶ᠎ᠠ᠄ ᠰᠢᠯᠦᠭ
ᠳᠠᠷᠤᠮ᠄ 13196
ᠴᠠᠭ᠄ 2008 ᠤᠨ ᠤ 06 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ