☆ ᠪᠣᠷᠵᠢᠭᠢᠨ·ᠪᠦᠷᠢᠨᠲᠤᠩᠭᠠᠯᠠᠭ
ᠴᠠᠰᠤ ᠲᠡᠶ ᠡᠪᠦᠯ
1
ᠴᠠᠰᠤ ᠲᠡᠶ ᠡᠪᠦᠯ ᠤᠨ ᠰᠢᠭᠤᠷᠭ᠎ᠠ
ᠭᠦᠢᠳᠡᠨ ᠶᠢᠡᠨ ᠳᠠᠭᠠᠵᠤ ᠴᠢᠩᠭ᠋ᠠᠷᠠᠨᠠ᠃
ᠠᠷᠭᠠᠯ ᠤᠨ ᠣᠳᠤᠭ᠎ᠠ ᠨᠢ ᠠᠭᠠᠷ ᠲᠠᠭᠠᠨ ᠴᠠᠷᠴᠠᠵᠤ
ᠠᠷᠢᠶᠠᠳᠠᠨ ᠵᠢᠭᠦᠷᠳᠡᠨ ᠨᠢ ᠡᠭᠦᠷ ᠲᠡᠭᠡᠨ ᠴᠠᠴᠠᠷᠠᠵᠤ
ᠠᠳᠤᠭᠤ ᠮᠠᠯ ᠨᠢ ᠰᠠᠷᠠᠪᠴᠢᠨ ᠳᠠᠭᠠᠨ ᠪᠠᠷᠪᠠᠢ᠌ᠵᠤ
ᠠᠯᠠᠭ ᠬᠤᠷᠸ᠎ᠠ ᠮᠦᠰᠤᠨ ᠳᠡᠭᠡᠨ ᠳᠠᠷᠤᠭᠳᠠᠵᠤ
ᠡᠷ᠎ᠡ ᠭᠦᠯᠦᠭ᠌ ᠤᠨ ᠲ᠋ᠤᠭᠤᠷᠠᠢ ᠭᠦᠯᠳᠡᠮᠡᠷ
ᠡᠷ᠎ᠡ ᠭᠦᠮᠤᠨ ᠤ ᠵᠤᠷᠢᠭ ᠬᠠᠯᠢᠷᠠᠮᠠᠷ
ᠡᠷᠳᠡ ᠴᠠᠰᠤ ᠳᠡᠢ ᠡᠨᠡ ᠡᠪᠦᠯ
ᠡᠩ ᠳᠡᠯᠡᠭᠡᠢ ᠡᠪᠦᠯᠵᠢᠨ ᠶᠢᠡᠨ ᠭᠦᠢᠳᠡᠨ᠃
2
ᠴᠠᠰᠤ ᠲᠡᠶ ᠡᠪᠦᠯ ᠤᠨ ᠵᠤᠭᠠᠳᠠᠢ ᠵᠤᠭᠤᠭ
ᠯᠠᠪᠰᠤᠷᠭᠠ ᠪᠠᠨ ᠳᠠᠭᠠᠵᠤ ᠦᠷᠨᠢᠨᠡ᠃
ᠳᠤᠭᠳᠠᠬᠤ ᠠᠩᠴᠢᠨ ᠤ ᠭᠠᠭᠴᠠ ᠭᠦᠤ
ᠳᠠᠢ᠌ᠭ᠎ᠠ ᠳᠠᠭᠠᠭᠤᠯᠵᠤ ᠠᠪᠠ ᠭᠢᠭ᠍ᠰᠡᠨ ᠭᠡᠨ᠎ᠡ᠂
ᠳᠠᠤᠯᠠᠢ ᠭᠦᠭᠡᠭᠡᠭᠡᠳ ᠭᠦᠢᠴᠡᠭ᠍ᠰᠡᠨ ᠥᠭᠡᠢ
ᠭᠦᠰᠢᠵᠤ ᠬᠠᠷᠠᠩᠭ᠋ᠤᠰᠤᠭᠰᠠᠨ ᠨᠤᠬᠠᠢ ᠪᠠᠨ
ᠭᠦᠷᠮ᠎ᠡ ᠪᠠᠷ ᠶᠢᠡᠨ ᠪᠠᠭᠯᠠᠵᠤ ᠡᠭᠦᠷᠦᠭᠡᠳ
ᠭᠦᠮᠤᠨ ᠡᠴᠠ ᠨᠢᠭᠤᠵᠤ ᠬᠠᠷᠢᠵᠤ ᠢᠷᠡᠭ᠍ᠰᠡᠨ ᠭᠡᠨ᠎ᠡ᠃
ᠨᠠᠭᠠᠳᠤᠮ ᠤᠨ ᠰᠢᠷᠡᠭᠡᠨ ᠳᠤ ᠵᠤᠭᠤᠰ ᠮᠦᠷᠥᠢᠴᠡᠭᠡᠳ
ᠭᠤᠷᠪᠠᠨ ᠡᠳᠦᠷ ᠭᠡᠷ ᠤᠨ ᠪᠠᠷ᠎ᠠ ᠬᠠᠷᠠᠭᠰᠠᠨ ᠥᠭᠡᠢ
ᠨᠠᠵᠢᠳ ᠤᠨ ᠭᠤᠷᠪᠠᠨ ᠭᠠᠬᠠᠢ ᠨᠢ ᠥᠯᠪᠠᠷᠡᠭᠦ ᠳ᠋ᠡᠭᠡᠨ
ᠨᠢᠭᠡ ᠪᠠᠨ ᠪᠠᠷᠢᠭᠠᠤᠨ ᠢᠳᠡᠴᠢᠭᠡᠭ᠍ᠰᠡᠨ ᠭᠡᠨ᠎ᠡ᠃
᠁ ᠁
3
ᠴᠠᠰᠤ ᠲᠡᠶ ᠡᠪᠦᠯ ᠤᠨ ᠬᠤᠷᠢᠮ ᠪᠠᠶᠠᠷ
ᠭᠦᠢᠳᠡᠨ ᠶᠢᠡᠨ ᠳᠠᠭᠠᠵᠤ ᠠᠷᠪᠢᠳᠤᠨᠠ᠃
ᠴᠡᠰᠦᠡᠴᠡᠴᠡᠭ᠌ ᠭᠡᠦᠭᠡᠨ ᠤ ᠬᠤᠷᠢᠮ ᠤᠨ ᠡᠳᠦᠷ
ᠴᠠᠭ ᠶᠢᠡᠨ ᠪᠣᠯᠵᠤᠵᠤ ᠤᠢ᠌ᠷᠠᠳᠤᠭᠰᠠᠭᠠᠷ ᠁
ᠴᠠᠭᠠᠳᠤᠭᠢ ᠨᠢ ᠳᠠᠪᠢ ᠬᠠᠷᠠᠮᠠᠷ ᠡᠪᠦᠭᠡᠨ ᠭᠡᠨ᠎ᠡ᠂
ᠴᠠᠭᠠᠨ᠎ᠠ ᠪᠠᠨ ᠭᠡᠳᠤᠨ ᠬᠤᠭᠤᠯᠠᠨ ᠭᠡᠷ ᠳᠠᠢ
ᠴᠠᠷᠢᠭᠤᠨ ᠳᠠᠮᠢᠷᠯᠢᠭ ᠳᠠᠭᠠᠭᠠᠮᠠᠯ ᠭᠡᠨ᠎ᠡ᠃
ᠭᠦᠯᠦᠰᠤᠨ ᠠᠵᠢᠯ ᠭᠢᠯᠭᠡᠨ᠎ᠡ ᠭᠡᠭ᠍ᠰᠡᠭᠡᠷ
ᠭᠡᠦᠭᠡᠨ ᠶᠢᠡᠨ ᠠᠯᠳᠠᠴᠢᠬᠠᠯ᠎ᠠ ᠭᠡᠵᠤ ᠡᠵᠢ ᠨᠢ ᠣᠭᠢᠯᠠᠨ᠎ᠠ ᠃
ᠬᠠᠢ᠌ᠷᠠᠬᠠᠨ ᠵᠠᠯᠠᠭᠤ ᠨᠠᠰᠤ ᠡ ᠭᠡᠵᠤ
ᠬᠤᠷᠠᠭ ᠦᠬᠢᠳ ᠨᠢ ᠠᠮᠠ ᠪᠠᠨ ᠪᠠᠷᠢᠨ᠎ᠠ᠃
ᠬᠠᠰᠢᠯᠠ ᠵᠤᠭᠤᠰ ᠤᠨ ᠢᠳᠠ ᠡ ᠭᠡᠵᠤ
ᠬᠠᠯᠠᠰᠤᠭᠰᠠᠨ ᠵᠠᠯᠠᠭᠤᠰ ᠠᠯᠠᠭ᠎ᠠ ᠪᠠᠨ ᠨᠤᠬᠤᠯᠠᠨ᠎ᠠ᠃
4
ᠴᠠᠰᠤ ᠲᠡᠶ ᠡᠪᠦᠯ ᠤᠨ ᠡᠳᠦᠷ ᠰᠦᠨᠢ
ᠰᠠᠯᠭᠢ ᠪᠠᠨ ᠳᠠᠭᠠᠵᠤ ᠣᠷᠴᠢᠨᠠ᠃
ᠰᠠᠷ᠎ᠠ ᠲ᠋ᠠᠢ ᠰᠦᠨᠢ ᠶᠢᠨ ᠰᠡᠯᠡᠭᠦᠨ ᠳ᠋ᠤᠨᠢ
ᠰᠤᠯᠢᠶᠠᠳᠤᠭᠰᠠᠨ ᠮᠠᠵᠢᠶᠠᠩ᠂ ᠰᠤᠭᠳᠤᠭᠤ ᠭᠡᠷᠡᠭᠦᠯ ᠁
ᠰᠠᠢ᠌ᠷ ᠲᠡᠶ ᠥᠯᠢᠭᠡᠷ ᠡᠭᠦᠰᠦᠭ᠍ᠰᠡᠭᠡᠷ ᠁
ᠨᠠᠷᠠ ᠲᠡᠶ ᠡᠳᠦᠷ ᠤᠨ ᠨᠠᠮᠤᠭᠤᠬᠠᠨ ᠳ᠋ᠤᠨᠢ
ᠨᠠᠰᠤᠨ ᠪᠠᠶᠠᠷ᠂ ᠬᠤᠷᠢᠮ ᠴᠤᠭᠯᠠᠭ᠎ᠠ ᠁
ᠨᠠᠢ᠌ᠷ ᠤᠨ ᠰᠢᠷᠡᠭᠡ ᠦᠷᠭᠦᠯᠵᠢᠯᠡᠭ᠍ᠰᠡᠭᠡᠷ ᠁
ᠴᠠᠰᠤ ᠲᠡᠶ ᠡᠪᠦᠯ ᠤᠨ ᠭᠦᠳᠡᠭᠡ ᠨᠤᠳᠤᠭ
ᠴᠠᠰᠤᠨ ᠳᠤᠤᠷ᠎ᠠ ᠪᠠᠨ ᠳᠤᠭᠵᠢᠷᠠᠭᠰᠠᠭᠠᠷ ᠴᠤ
ᠴᠠᠰᠤ ᠲᠡᠶ ᠡᠪᠦᠯ ᠤᠨ ᠭᠦᠮᠤᠨ ᠤᠨ ᠠᠮᠢᠳᠤᠷᠠᠯ
ᠴᠠᠰᠤ ᠪᠠᠨ ᠪᠣᠳᠠᠷᠭᠠᠨ ᠪᠣᠴᠠᠯᠤᠭᠰᠠᠭᠠᠷ ᠡ︕
ᠵᠤᠬᠢᠶᠠᠭᠴᠢ ᠶᠢᠨ ᠬᠠᠶᠢᠭ ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ·ᠪᠦᠷᠢᠨᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2011 ᠤᠨ ᠤ 01 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ