ᠨᠡᠪᠲᠡᠷᠡᠨ ᠤᠷᠤᠬᠤ
ᠪᠦᠰᠡᠭᠦᠢ ᠮᠢᠨᠢ

ᠠᠭᠤᠯᠵᠠᠵᠤ ᠰᠤᠷᠭᠠᠭᠤᠯᠢ ᠳ᠋ᠤ

ᠬᠠᠮᠳᠤ ᠰᠤᠷᠤᠭᠴᠢ ᠪᠠᠢ᠌ᠯ᠎ᠠ

ᠣᠷᠤᠭ ᠤᠨ ᠪᠢᠴᠢᠭ᠌ ᠳᠡᠭᠡᠷ᠎ᠡ ᠠᠷᠤ ᠳᠤᠨᠢ

ᠲᠦᠰᠢᠯᠴᠠᠵᠤ ᠰᠠᠭᠤᠭᠰᠠᠨ ᠬᠤᠤᠰ ᠪᠣᠯᠪᠠ

ᠰᠡᠳᠭᠢᠯ ᠨᠢ ᠵᠤᠪᠠᠬᠤ ᠳᠠᠭᠠᠨ

ᠠᠮᠠᠷᠬᠠᠨ ᠣᠭᠢᠯᠠᠴᠢᠬᠠᠳᠠᠭ

ᠰᠡᠷᠭᠦᠭᠡᠳ ᠳᠠᠢ᠌ᠪᠣᠰᠢᠷᠠᠬᠤ ᠳᠠᠭᠠᠨ

ᠠᠯᠢᠶᠠᠷᠬᠠᠨ ᠢᠨᠢᠶᠡᠴᠢᠭᠡᠳᠡᠭ᠌ ᠳᠠᠷᠠ ᠦᠬᠢᠨ ᠳᠠᠢ

ᠬᠤᠷᠸ᠎ᠠ ᠳᠤ ᠪᠦᠯᠢ ᠨᠠᠮᠠᠵᠤ

ᠠᠢ᠌ᠯ ᠪᠣᠯᠤᠭᠰᠠᠨ ᠶᠤᠮ ᠳᠠᠷᠠ ᠵᠢᠯ

ᠡᠭᠡᠳᠡᠷᠡᠭᠡᠡᠳᠤ ᠬᠤᠷᠸ᠎ᠠ ᠳ᠋ᠤ

ᠡᠩᠭᠡᠷ ᠢ ᠮᠢᠨᠢ ᠲᠦᠰᠢᠵᠤ ᠳᠠᠷᠠ

ᠭᠡᠷ ᠭᠡᠳᠡᠭ᠌ ᠨᠠᠷᠠᠨ ᠤ ᠡᠵᠡᠨ ᠨᠢ ᠪᠣᠯᠵᠤ

ᠭᠡᠷᠡᠯᠳᠤ ᠠᠮᠢᠳᠤᠷᠠᠯ ᠤᠨ ᠮᠢᠨᠢ ᠢᠯᠴᠢ ᠨᠢ ᠪᠣᠯᠤᠭᠰᠠᠨ ᠰᠠᠨ

ᠡᠭᠡᠯ ᠠᠢ᠌ᠯ ᠤᠨ

ᠵᠢᠷ ᠤᠨ ᠡᠨᠡ ᠪᠦᠰᠡᠭᠦᠢ

ᠪᠦᠰᠡ ᠪᠠᠨ ᠳᠠᠢ᠌ᠯᠠᠵᠤ

ᠨᠠᠳᠠ ᠮᠤᠷᠳᠠᠬᠤ ᠲᠠᠭᠠᠨ᠄ 《

ᠪᠦᠰᠡᠭᠦᠢ ᠪᠢᠳᠠ ᠥᠨᠡ᠊ᠨᠳᠡᠭᠡᠨ

ᠪᠦᠰᠡᠳᠡᠢ ᠶᠤᠮ

ᠪᠦᠷ ᠴᠤ ᠳᠠᠨᠠᠷ ᠳᠠᠢ

ᠠᠳᠠᠯᠢᠬᠠᠨ ᠯᠠ ᠶᠤᠮ

ᠬᠠᠭᠠᠨ ᠡᠵᠡᠨ ᠤ ᠣᠳᠤᠮ ᠳᠠᠭᠠᠵᠤ ᠪᠢᠳᠠ

ᠪᠦᠰᠡᠳᠡᠢ ᠪᠠᠢ᠌ᠪᠠ

ᠬᠠᠨᠠᠭᠠᠷ ᠳᠠᠯ᠎ᠠ ᠪᠠᠨ ᠬᠠᠮᠠᠭᠠᠯᠠᠵᠤ

ᠪᠦᠭᠦᠷᠭᠡ ᠳᠡᠭᠡᠷ᠎ᠡ ᠪᠠᠢ᠌ᠪᠠ

ᠬᠠᠯᠳᠠᠭᠰᠠᠨ ᠳᠠᠢ᠌ᠰᠤᠨ ᠤ ᠡᠮᠤᠨ᠎ᠡ

ᠬᠤᠶᠠᠭ ᠲᠡᠶ ᠪᠠᠢ᠌ᠪᠠ

ᠬᠠᠨᠠᠳᠤ ᠭᠡᠷ ᠶᠢᠡᠨ ᠪᠣᠰᠬᠠᠵᠤ

ᠵᠤᠷᠢᠭ ᠲᠡᠶ ᠪᠠᠢ᠌ᠪᠠ

ᠢᠳᠡᠭᠡᠯ ᠢ ᠨᠢ ᠮᠢᠨᠢ ᠣᠯᠤᠭᠰᠠᠨ ᠪᠣᠯᠬᠤᠷ

ᠪᠦᠰᠡ ᠪᠠᠨ ᠳᠠᠢ᠌ᠯᠪᠠ

ᠰᠡᠳᠭᠢᠯ ᠢ ᠮᠢᠨᠢ ᠣᠯᠤᠭᠰᠠᠨ ᠪᠣᠯᠬᠤᠷ

ᠪᠠᠶ᠎ᠠ ᠪᠠᠨ ᠳᠠᠢ᠌ᠯᠪᠠ》 ᠭᠡᠵᠤ ᠭᠡᠯᠡᠭ᠍ᠰᠡᠨ ᠰᠠᠨ

ᠪᠦᠰᠡᠭᠦᠢ ᠮᠢᠨᠢ ᠳᠡᠭᠡᠭᠡᠳ

ᠪᠦᠰᠡ ᠪᠠᠨ ᠳᠠᠢ᠌ᠯᠵᠤ ᠡᠭᠡᠨᠡᠷ ᠪᠣᠯᠪᠠ

ᠪᠦᠯᠢᠶᠡᠨ ᠰᠦ᠋ ᠪᠠᠨ ᠭᠦᠭᠦᠭᠦᠯᠵᠤ ᠡᠵᠢ ᠪᠣᠯᠪᠠ

ᠪᠦᠳᠤᠨ ᠪᠦᠯᠢ ᠶᠢᠨ ᠮᠢᠨᠢ ᠳᠠᠯ᠎ᠠ ᠪᠣᠯᠵᠤ ᠭᠡᠷᠭᠡᠢ ᠪᠣᠯᠪᠠ

ᠪᠦᠷᠢᠨ ᠵᠢᠶᠠᠭᠠᠨ ᠤ ᠮᠢᠨᠢ ᠳᠦᠰᠢᠭ᠌ ᠪᠣᠯᠵᠤ ᠬᠠᠨᠢ ᠪᠣᠯᠪᠠ

ᠭᠦᠯᠦᠭ᠌ ᠤᠨ ᠰᠢᠷᠪᠣᠰᠤ

ᠰᠤᠩᠭᠠᠵᠤ ᠠᠮᠠᠷᠠᠳᠠᠭ ᠳᠠᠯ᠎ᠠ ᠰᠢᠭ

ᠭᠦᠳᠡᠷ ᠮᠠᠬᠠᠪᠣᠤᠨ ᠢ ᠮᠢᠨᠢ ᠭᠦᠪᠴᠢᠷᠡᠭᠦᠯᠵᠤ

ᠵᠤᠪᠠᠵᠤ ᠵᠢᠷᠭᠠᠳᠠᠭ ᠰᠠᠨ ᠪᠦᠰᠡᠭᠦᠢ ᠮᠢᠨᠢ

ᠭᠦᠯ ᠶᠢᠡᠷ ᠳᠤᠭᠤᠯᠵᠤ ᠭᠠᠷ ᠶᠢᠠᠷ ᠵᠠᠭᠢᠷᠬᠤ

ᠭᠦᠡᠳᠤ ᠠᠮᠢᠳᠤᠷᠠᠯ ᠤᠨ ᠬᠠᠭᠤᠳᠠᠰᠤᠨ ᠳᠡᠭᠡᠷ᠎ᠡ

ᠪᠠᠶ᠎ᠠ ᠪᠠᠷ ᠶᠢᠡᠨ ᠪᠠᠭᠢ ᠪᠣᠯᠵᠤ ᠶᠡᠭᠦᠷᠡᠭ᠍ᠰᠡᠨ

ᠪᠦᠰᠡ ᠦᠭᠡᠶ ᠨᠠᠢ᠌ᠷᠠᠭ ᠮᠢᠨᠢ ᠪᠢᠯᠠ

ᠭᠦᠮᠤᠨ ᠤ ᠦᠷᠠᠨ ᠮᠢᠨᠤ ᠪᠦᠰᠡᠭᠦᠢ ᠴᠢᠮ᠎ᠠ ᠪᠠᠨ

ᠭᠦᠷᠡᠩ ᠵᠢᠷᠦᠭᠡᠨ ᠳᠤ ᠪᠠᠨ

ᠠᠮᠢᠰᠬᠤᠭᠠᠨ ᠤ ᠪᠠᠨ ᠳᠤᠭ᠎ᠠ ᠪᠠᠷ ᠬᠤᠷᠢᠵᠤ

ᠭᠦᠭᠡᠷᠦᠭᠦᠨ ᠨᠠᠷ᠎ᠠ ᠶᠢ ᠴᠢᠨᠢ

ᠭᠡᠯᠡᠨ ᠤ ᠪᠠᠨ ᠬᠤᠩᠬ᠎ᠠ ᠪᠣᠯᠭᠠᠨ

ᠡᠳᠦᠷ ᠪᠦᠷᠢ ᠳᠠᠭᠤᠳᠤᠨ᠎ᠠ ᠠᠭᠤᠴᠢᠯᠠᠭᠠᠷᠠᠢ

ᠡᠵᠢ ᠶᠢᠨ ᠮᠢᠨᠢ ᠮᠦᠷ ᠳᠠᠭᠠᠵᠤ

ᠨᠠᠷᠠ ᠰᠢᠭ ᠭᠡᠷᠡᠯ ᠢᠯᠴᠢ ᠪᠠᠨ ᠬᠤᠪᠢᠶᠠᠬᠤ ᠳᠤᠨᠢ

ᠡᠷ᠎ᠡ ᠪᠠᠶ᠎ᠠ ᠮᠢᠨᠢ ᠵᠢᠵᠢᠭ᠍ᠷᠡᠵᠤ

ᠴᠢᠮ᠎ᠠ ᠪᠠᠨ ᠭᠤᠷᠢᠳᠠᠨ ᠪᠢᠰᠢᠷᠡᠳᠡᠭ᠌ ᠶᠤᠮ

ᠨᠢᠷᠤᠭᠤᠨ ᠳᠠᠭᠠᠨ ᠳᠤᠯᠪᠣ ᠲᠡᠶ ᠦᠷ᠎ᠡ ᠴᠢᠨᠢ

ᠶᠡᠭᠡ ᠮᠤᠩᠭᠤᠯ ᠤᠨ ᠴᠢᠰᠤᠨ ᠳᠡᠦᠭᠡ

ᠨᠢᠭᠤᠵᠤ ᠣᠨᠠᠭᠠᠳᠠᠭ ᠨᠢᠯᠪᠣᠰᠤ ᠴᠢᠨᠢ

ᠶᠡᠭᠡ ᠬᠠᠢ᠌ᠷ᠎ᠠ ᠶᠢᠨ ᠳᠤᠩᠭᠠᠯᠠᠭ ᠭᠤᠷᠤᠬ᠎ᠠ ᠪᠢᠯᠠ

ᠬᠠᠷᠠᠭ᠎ᠠ ᠳᠠᠰᠤᠷᠠᠨ ᠬᠤᠯᠠᠳᠠᠪᠠᠴᠤ

ᠰᠡᠳᠭᠢᠯ ᠴᠢᠨᠢ ᠵᠢᠷᠦᠭᠡ ᠶᠢ ᠮᠢᠨᠢ ᠳᠠᠭᠠᠭᠠᠤᠨ ᠶᠠᠪᠣᠨ᠎ᠠ

ᠬᠠᠷᠢᠭᠤ ᠳᠠᠰᠤᠷᠠᠵᠤ ᠭᠦᠰᠡᠷ ᠣᠨᠠᠪᠠᠴᠤ

ᠢᠳᠡᠭᠡᠯ ᠴᠢᠨᠢ ᠳᠠᠶᠠᠭ ᠪᠣᠯᠵᠤ ᠨᠠᠮᠢ᠋ᠢ ᠲᠦᠰᠢᠨ᠎ᠡ

ᠬᠠᠷᠠᠩᠭᠤᠢ ᠶᠢᠨ ᠳᠤᠮᠳᠠ ᠨᠠᠮᠢ᠋ᠢ ᠭᠦᠯᠢᠶᠡᠭ᠍ᠰᠡᠨ

ᠴᠤᠩᠬᠤᠨ ᠤ ᠭᠡᠷᠡᠯ ᠢ ᠬᠠᠷᠠᠭᠠᠤᠨ

ᠬᠠᠯᠠᠭᠤᠨ ᠨᠢᠯᠪᠣᠰᠤ ᠮᠢᠨᠢ ᠭᠡᠨᠡᠳᠳᠡᠭᠡᠨ ᠪᠠᠭᠤᠵᠤ

ᠪᠠᠶᠠᠷᠯᠠᠯ᠎ᠠ ︕ ᠭᠡᠵᠤ ᠰᠡᠮᠡᠷᠭᠡᠨ ᠰᠢᠪᠠᠨᠡᠳᠡᠭ᠌ ᠰᠠᠨ

ᠪᠠᠶ᠎ᠠ ᠪᠢᠯᠢᠭ᠌ ᠤᠨ ᠮᠢᠨᠢ ᠨᠥᠭᠦᠷ ᠪᠣᠯᠵᠤ

ᠪᠢᠴᠢᠬᠠᠨ ᠵᠢᠷᠦᠭᠡᠨ ᠤ ᠮᠢᠨᠢ ᠨᠦᠮᠦᠷᠢ ᠪᠣᠯᠵᠤ

ᠭᠦᠰᠡᠭᠦᠷᠡᠭᠦ ᠠᠵᠢᠯ ᠤᠨ ᠳᠤᠮᠳᠠ ᠰᠠᠵᠢᠯᠠᠬᠤ

ᠡᠨᠡ ᠵᠢᠵᠢᠭ᠍‍ᠬᠡᠨ ᠭᠦᠯᠭᠡ ᠳᠡᠭᠡᠷ᠎ᠡ

ᠭᠦᠤ ᠪᠢᠳᠠ ᠬᠤᠶᠠᠷ ᠠᠮᠢᠳᠠᠷᠠᠯ ᠰᠠᠯᠢᠵᠤ

ᠢᠷᠡᠭᠡᠳᠦᠢ ᠵᠤᠷᠢᠨ ᠠᠢ᠌ᠰᠤᠢ ᠁



ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2624
ᠴᠠᠭ᠄ 2011 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ