ᠨᠡᠪᠲᠡᠷᠡᠨ ᠤᠷᠤᠬᠤ
ᠳᠤᠷᠠᠯᠠᠯ

ᠬᠤᠠᠳᠤ ᠨᠠᠭᠤᠷ ᠨᠢ ᠰᠢᠷᠭᠢᠯ᠎ᠠ ᠴᠤ

ᠡᠭᠡᠰᠢᠭ᠌ ᠲᠤ ᠨᠢ ᠰᠤᠭᠳᠠᠭᠤᠷᠠᠵᠤ ᠰᠠᠭᠤᠳᠠᠭ

ᠬᠤᠨ ᠨᠢ ᠨᠢᠰᠦᠭᠡᠳ ᠪᠣᠴᠠᠬᠤ ᠦᠭᠡᠶ ᠴᠤ

ᠢᠷᠡᠭᠦ ᠶᠢ ᠨᠢ ᠳᠤᠰᠴᠤ ᠭᠦᠯᠢᠶᠡᠳᠡᠭ᠌

ᠳᠤᠷᠠᠨ ᠬᠤᠶᠠᠷ ᠨᠢᠳᠤ ᠡᠴᠠ ᠴᠢᠨᠢ

ᠣᠴᠢ ᠥᠰᠦᠷᠦᠭᠡᠳ ᠢᠷᠡᠴᠢᠭᠡᠨ᠎ᠡ ᠭᠡᠵᠤ

ᠳᠤᠮᠤᠭ ᠤᠨ ᠬᠤᠯᠠ ᠠᠬᠤᠢ ᠡᠴᠠ

ᠳᠤᠷ᠎ᠠ ᠲᠡᠶ ᠪᠠᠨ ᠰᠠᠷᠠᠪᠴᠢᠯᠠᠵᠤ ᠵᠢᠷᠭᠠᠳᠠᠭ ᠢ

ᠮᠤᠩᠭ᠋ᠤᠯᠵᠢᠨ ᠳᠤᠷᠭᠠᠨ ᠳᠡᠷᠯᠢᠭ᠌ ᠤᠨ

ᠡᠮᠵᠢᠶᠡᠷᠭᠡᠨ ᠳᠤᠪᠴᠢ ᠶᠢ ᠨᠢ ᠠᠯᠳᠠᠷᠠᠭᠠᠨ

ᠮᠣᠢ᠌ᠯ ᠴᠡᠴᠡᠭᠡᠨ ᠠᠨᠢᠰᠬ᠎ᠠ ᠪᠠᠷ ᠵᠢᠠᠨ

ᠣᠷᠤᠭᠤᠯ ᠶᠢᠡᠨ ᠴᠥᠮᠴᠥᠢᠯᠭᠡᠨ ᠥᠭ᠍ᠳᠡᠭ᠌ ᠢ ᠳᠠᠨᠢ

ᠳᠤᠷ᠎ᠠ ᠪᠠᠶ᠎ᠠ ᠪᠠᠨ ᠭᠤᠯᠤᠭ᠎ᠠ ᠦᠭᠡᠶ ᠬᠣᠢ᠌ᠨ᠎ᠠ

ᠳᠤᠷ᠎ᠠ ᠲᠡᠶ ᠳᠤ ᠪᠠᠨ ᠭᠦᠮᠤᠨ ᠢᠩᠭᠢᠵᠤ ᠯᠠ ᠵᠢᠷᠭᠠᠳᠠᠭ ᠡ


ᠢᠨᠠᠭ ᠤᠨ ᠵᠥᠭᠡᠯᠡᠨ ᠣᠷᠤᠭᠤᠯ ᠡᠴᠠ ᠴᠢᠨᠢ

ᠥᠭᠡ ᠰᠤᠪᠤᠳᠯᠠᠨ ᠴᠤᠪᠣᠳᠠᠭ ᠢ ᠳᠠᠨ

ᠢᠴᠢᠵᠤ ᠰᠢᠷᠪᠡᠭᠡᠳᠦᠭᠦ ᠶᠢᠨ ᠣᠷᠤᠨ

ᠡ᠊ᠨᠳᠡ ᠨᠡᠭᠦᠴᠢᠯᠡᠭᠦ ᠭᠠᠵᠠᠷ ᠥᠭᠡᠢ

ᠦᠷᠦᠪᠴᠢᠭᠡᠨ ᠰᠡᠳᠭᠢᠯ ᠤᠨ ᠰᠢᠪᠠᠨᠡᠭᠡ

ᠮᠦᠷᠤ ᠳᠦᠰᠢᠩᠭᠡᠨ ᠣᠶᠠᠰᠴᠤ

ᠥᠩᠭᠡᠳᠤ ᠰᠤᠯᠤᠩᠭ᠋ᠠᠨ ᠠᠮᠢᠳᠤᠷᠠᠯ

ᠣᠴᠢ ᠳᠤ ᠭᠢᠯᠠᠰᠤᠨ ᠮᠥᠴᠢᠶᠡᠷᠭᠡᠨ᠎ᠡ


ᠵᠥᠭᠡᠯᠡᠨ ᠬᠠᠷᠠᠴᠠ ᠳᠤ ᠮᠦᠷᠭᠦᠯᠳᠦᠭᠦ

ᠰᠠᠷᠠᠯ ᠳᠤ ᠳᠤᠷᠠᠯᠠᠯ ᠭᠦᠪᠦᠷᠡᠳᠡᠭ᠌ ᠢ

ᠳᠤᠭᠤᠭᠰᠠᠨ ᠶᠢᠡᠨ ᠨᠢᠭᠤᠴᠠᠬᠠᠨ ᠳᠠᠷᠤᠳᠠᠭ

ᠳᠤᠭᠠᠴᠠᠭ᠎ᠠ ᠪᠠᠨ ᠰᠡᠳᠭᠢᠯ ᠳᠤ ᠪᠠᠨ ᠭᠡᠮᠨᠡᠳᠡᠭ᠌

ᠵᠢᠷᠭᠠᠬᠤ ᠡᠭᠡᠰᠢᠭ᠌ ᠲᠡᠶ ᠠᠮᠢᠳᠤᠷᠠᠯ

ᠬᠠᠢ᠌ᠷ᠎ᠠ ᠪᠠᠷ ᠳᠤᠠᠳᠠᠷᠠᠳᠠᠭ ᠦᠭᠡᠶ ᠵᠠᠶᠠᠭᠠᠨ

ᠭᠡᠨ ᠭᠡᠨ ᠳᠤ ᠭᠤᠮᠤᠳᠠᠯ ᠥᠭᠡᠢ

ᠭᠡᠨᠡᠨ ᠴᠠᠭᠠᠨ ᠶ‍ᠢᠷᠳᠢᠠᠴᠤ

ᠭᠡᠵᠢᠶ᠎ᠡ ᠳᠤᠷᠠᠰᠪᠠᠴᠤ ᠵᠠᠯᠠᠭᠤᠬᠠᠨ

ᠮᠥᠩᠭᠡ ᠨᠤᠭᠤᠭᠠᠨ ᠳᠤᠷᠠᠳᠬᠠᠯ


ᠬᠤᠳᠳᠤᠭ ᠲᠤ ᠣᠷᠤᠭᠰᠠᠨ ᠮᠡᠯᠡᠭᠡᠢ

ᠳᠡᠭ᠍ᠷᠢ ᠶᠢᠨ ᠬᠤᠨ ᠳᠤ ᠳᠤᠷᠠᠯᠠᠨ᠎ᠠ ᠭᠡᠳᠡᠭ᠌

ᠬᠤᠳᠤᠤ ᠡᠷᠭᠢᠴᠡᠭ᠍ᠰᠡᠨ ᠵᠡᠷᠭᠡᠯᠭᠡᠨ ᠳᠤ ᠪᠣᠯ

ᠬᠤᠯᠠᠭᠠᠢ᠌ᠴᠢ ᠰᠠᠯᠭᠢ ᠴᠤ ᠬᠠᠨᠢ ᠶᠤᠮ ᠡ

ᠭᠡᠯᠡᠪᠠᠯ ᠭᠡᠨ ᠴᠤ ᠳᠡᠨᠡᠭ᠌

ᠭᠡᠯᠡᠭᠦ ᠦᠭᠡᠶ ᠪᠣᠯ ᠭᠡᠨ ᠴᠤ ᠮᠡᠷᠭᠡᠨ ︕


ᠰᠠᠯᠭᠢ ᠥᠨᠦᠷᠳᠡᠭᠦᠯᠤᠨ ᠢᠯᠪᠢᠭᠦ

ᠣᠷᠤᠭᠤᠯ ᠤᠨ ᠣᠯᠠᠭᠠᠨ ᠡᠩᠭᠡᠰᠭᠡ

ᠵᠠᠶᠠᠭᠠᠨ ᠵᠠᠬ᠎ᠠ ᠳᠤ ᠭᠦᠷᠦᠭᠡ ᠥᠭᠡᠢ

ᠣᠷᠤᠭ᠎ᠠ ᠣᠩᠭ᠋ᠤᠨ ᠳᠤᠭᠳᠤᠯᠤᠯ

ᠭᠡᠵᠢᠶ᠎ᠡ ᠶᠠᠪᠣᠪᠠᠴᠤ ᠮᠦᠷ ᠥᠭᠡᠢ

ᠭᠡᠨᠡᠳᠡᠵᠤ ᠣᠬᠠᠭᠠᠷᠠᠪᠠᠴᠤ ᠰᠠᠨᠠᠯ ᠥᠭᠡᠢ

ᠡᠨᠡᠭᠡᠨ ᠵᠠᠢ ᠪᠠᠷ ᠡᠳ᠋ᠯᠡᠭᠦ

ᠡᠭᠡ ᠪᠠᠢ᠌ᠭᠠᠯᠢ ᠶᠢᠨ ᠭᠡᠰᠢᠭ᠌

ᠢᠷᠡᠭᠡᠳᠦᠢ ᠨᠢᠭᠡᠨ ᠡᠳᠦᠷ ᠵᠢᠠᠷ

ᠡᠷᠭᠢᠵᠤ ᠬᠠᠷᠠᠳᠠᠭ ᠬᠠᠷᠠᠮᠰᠠᠯ ︕


ᠳᠤᠭᠤᠭᠰᠠᠨ ᠭᠦᠮᠤᠨ ᠳᠤ ᠪᠠᠨ

ᠭᠦᠮᠤᠨ ᠶᠠᠷᠤ ᠨᠢ

ᠨᠢᠳᠤ ᠨᠢ ᠭᠦᠷᠳᠡᠯ᠎ᠡ

ᠬᠤᠰᠢᠯᠠᠵᠤ ᠬᠠᠷᠠᠭᠳᠠᠳᠠᠭ

ᠳᠤᠮᠤᠭ᠎ᠠ ᠥᠭᠡᠢ

ᠠᠭᠠᠰᠢ ᠨᠢ ᠭᠦᠷᠳᠡᠯ᠎ᠡ

ᠰᠡᠳᠭᠢᠯ ᠢ ᠨᠢ ᠭᠡᠳᠡᠭᠡᠯᠡᠭᠦ

ᠰᠢᠳᠦᠭᠡᠨ ᠭᠡᠯᠴᠡᠳᠡᠭ᠌

ᠴᠡᠴᠡᠭ᠌ ᠤᠨ ᠭᠦᠩᠭᠡᠭᠡᠨ

ᠳᠡᠯᠪᠠᠭᠡᠨ ᠳᠤ ᠨᠢ ᠭᠦᠷᠳᠡᠯ᠎ᠡ

ᠡᠷᠪᠠᠭᠡᠢ ᠠᠯᠢᠶᠠᠯᠠᠨ

ᠳᠤᠭᠳᠤᠯᠳᠠᠭ ᠭᠡᠨ᠎ᠡ ᠯᠡᠢ

ᠴᠡᠩᠭᠡᠭ᠌ ᠤᠨ ᠭᠦᠨ

ᠴᠤᠩᠭᠢᠶᠠᠯ ᠳᠤ ᠨᠢ ᠭᠦᠷᠳᠡᠯ᠎ᠡ

ᠵᠢᠷᠠᠭᠠᠬᠠᠢ ᠱᠤᠮᠪᠠᠨ

ᠵᠢᠷᠭᠠᠳᠠᠭ ᠴᠤ ᠭᠡᠨ᠎ᠡ ᠯᠡᠢ

ᠣᠷᠤᠭᠤ ᠴᠢᠷᠠᠢ᠌ᠯᠠᠭᠰᠠᠨ

ᠳᠦᠷᠢ ᠨᠢ ᠭᠦᠷᠳᠡᠯ᠎ᠡ

ᠣᠰᠬᠠᠯ ᠶᠢᠡᠷ ᠶᠢᠡᠨ ᠵᠥᠭᠡᠯᠡᠨ

ᠬᠠᠷᠠᠭᠳᠠᠳᠠᠭ ᠭᠡᠨ᠎ᠡ ᠯᠡᠢ

ᠠᠭᠤᠷ ᠵᠠᠭᠢᠭᠰᠠᠨ

ᠥᠭᠡ ᠨᠢ ᠭᠦᠷᠳᠡᠯ᠎ᠡ

ᠣᠶᠠᠬᠠᠨ ᠶᠢᠡᠷ ᠶᠢᠡᠨ ᠵᠢᠷᠦᠭᠡ ᠵᠢ

ᠳᠤᠯᠠᠭᠠᠯᠠᠳᠠᠭ ᠭᠡᠨ᠎ᠡ ᠯᠡᠢ

ᠳᠤᠷ᠎ᠠ ᠪᠠᠶ᠎ᠠ ᠪᠠᠨ

ᠭᠤᠯᠤᠬᠤ ᠦᠭᠡᠶ ᠬᠣᠢ᠌ᠨ᠎ᠠ

ᠳᠤᠷ᠎ᠠ ᠲᠡᠶ ᠪᠠᠨ ᠭᠡᠮᠨᠡᠵᠤ

ᠵᠢᠷᠭᠠᠵᠤ ᠰᠠᠭᠤᠶ᠎ᠠ

ᠳᠤᠭ᠎ᠠ ᠲᠡᠶ ᠶᠠᠪᠣᠬᠤ

ᠨᠠᠰᠤᠨ ᠤ ᠵᠠᠢ ᠳ᠋ᠤ

ᠳᠤᠮᠤᠭ᠎ᠠ ᠲᠡᠶ ᠣᠠᠬᠠᠭᠠᠵᠢᠵᠤ

ᠡᠳᠡᠯᠡᠵᠤ ᠵᠢᠷᠭᠠᠶ᠎ᠠ ︕


ᠳᠤᠷᠠᠯᠠᠯ ᠶᠢᠡᠷ ᠠᠶᠠᠭ᠎ᠠ ᠭᠢᠵᠤ ᠦᠵᠡᠶ᠎ᠠ

ᠰᠥ᠋ ᠥᠨᠦᠷᠳᠦᠭ᠍ᠰᠡᠨ

ᠰᠢᠷᠭᠠᠯ ᠴᠠᠢ ᠳᠤ ᠪᠠᠨ ᠭᠦᠯᠦᠷᠡᠵᠤ

ᠰᠡᠳᠭᠢᠯ ᠵᠥᠳᠡᠭᠡᠭ᠍ᠰᠡᠨ

ᠴᠢᠯᠡᠭᠡ ᠪᠠᠨ ᠳᠠᠢ᠌ᠯᠵᠤ ᠠᠮᠠᠷᠠᠶ᠎ᠠ


ᠳᠤᠷᠠᠯᠠᠯ ᠶᠢᠡᠷ ᠳᠠᠭᠢᠨᠢ ᠱᠤᠭᠤᠵᠤ ᠰᠤᠨᠢᠷᠬᠠᠶ᠎ᠠ

ᠴᠠᠭᠠᠨ ᠳ᠋ᠠᠷᠠᠺᠢ ᠵᠢᠨ

ᠴᠡᠮᠴᠡᠭᠡᠨ ᠵᠥᠭᠡᠯᠡᠨ ᠣᠷᠤᠭᠤᠯ ᠡᠴᠠ

ᠴᠢᠪᠠᠭ᠎ᠠ ᠪᠣᠷᠠᠮ ᠰᠢᠭ

ᠴᠢᠳᠬᠤᠯᠠᠵᠤ ᠪᠠᠭᠤᠭᠰᠠᠨ ᠭᠡᠰᠢᠭ᠌ ᠢ

ᠴᠢᠮ᠎ᠠ ᠳᠤ ᠦᠭ‍ᠭᠦ

ᠳᠠᠪᠢᠯᠠᠩ ᠤᠨ ᠭᠠᠭᠴᠠ ᠵᠠᠶᠠᠭ᠎ᠠ ᠪᠠᠨ

ᠳᠤᠭᠤᠭᠰᠠᠨ ᠨᠢᠭᠡ ᠳᠤ ᠪᠠᠨ

ᠴᠢᠳᠤᠷ ᠪᠣᠯᠭᠠᠵᠤ ᠪᠠᠷᠢᠶ᠎ᠠ ᠳ᠋ᠠ


ᠳᠤᠷᠠᠯᠠᠯ ᠶᠢᠡᠷ ᠠᠷᠢᠭᠢ ᠨᠠᠷᠠᠵᠤ ᠰᠠᠭᠤᠶ᠎ᠠ

ᠠᠮᠳᠠᠳᠤ ᠠᠮᠢᠳᠤᠷᠠᠯ ᠤᠨ

ᠭᠠᠰᠢᠭᠤᠨ ᠣᠮᠳᠠ ᠳᠤ ᠨᠢ ᠰᠤᠭᠳᠤᠵᠤ

ᠠᠮᠢᠨ ᠬᠠᠢ᠌ᠷᠠᠳᠤ

ᠳᠦᠭᠡᠷᠢᠭ᠍ᠰᠡᠨ ᠰᠡᠳᠭᠢᠯ ᠶᠢᠡᠨ ᠳᠠᠢ᠌ᠤᠠᠬᠠᠷᠠᠭᠤᠯᠤᠶ᠎ᠠ

ᠠᠭᠤᠳᠠᠮᠬᠠᠨ ᠵᠠᠢ ᠳᠤ

ᠵᠥᠭ᠌ ᠦᠭᠡᠶ ᠡᠷᠭᠢᠴᠡᠭ᠍ᠰᠡᠨ ᠶᠢᠡᠨ ᠨᠢᠭᠡ

ᠠᠷᠢᠭᠢᠨ ᠭᠦᠯᠴᠦᠭᠦᠤ ᠳᠤ

ᠰᠤᠷᠳᠤᠭᠤ ᠲᠡᠶ ᠠᠭᠠᠰᠢᠯᠠᠭᠰᠠᠨ ᠶᠢᠡᠨ ᠮᠠᠷᠳᠠᠶ᠎ᠠ

ᠰᠤᠭᠳᠤᠭᠤ ᠡᠷ᠎ᠡ ᠶᠢᠨ

ᠱᠤᠯᠢᠭᠰᠠᠨ ᠥᠭᠡᠨ ᠳᠤ ᠣᠶᠠᠷᠠᠳᠠᠭ

ᠰᠡᠳᠭᠢᠯ ᠤᠨ ᠥᠭᠡᠳ ᠤᠨ

ᠴᠠᠢ᠌ᠪᠣᠷ ᠴᠠᠢ᠌ᠯᠭᠠᠨ ᠰᠠᠨᠠᠭ᠎ᠠ ᠶᠢ

ᠴᠡᠩᠭᠡᠷ ᠳᠡᠭ᠍ᠷᠢ ᠶᠢᠨ

ᠴᠡᠯᠮᠡᠭ᠌ ᠳᠤᠩᠭ᠋ᠠᠯᠠᠭᠬᠠᠨ ᠠᠮᠢᠰᠬᠤᠯ ᠶᠢᠡᠷ ᠨᠢ

ᠴᠡᠴᠡᠭ᠍ᠳᠤ ᠳᠠᠯ᠎ᠠ ᠶᠢᠨ

ᠳᠡᠯᠪᠠᠭᠡᠨ ᠳᠤ ᠨᠢ ᠰᠢᠭᠦᠳᠡᠷᠢᠯᠡᠵᠤ ᠪᠣᠴᠠᠭᠠᠶ᠎ᠠ ︕

ᠰᠠᠢ᠌ᠨ ᠭᠦᠮᠤᠨ ᠤ ᠮᠦᠷ ᠶᠠᠷᠤ ᠨᠢ

ᠳᠤᠮᠤᠭ ᠪᠣᠯᠵᠤ ᠴᠢᠯᠠᠭᠤᠵᠢᠳᠠᠭ ᠭᠡᠨ᠎ᠡ ᠯᠡᠢ

ᠰᠠᠢ᠌ᠬᠠᠨ ᠨᠢᠳᠤᠨ ᠨᠠᠭᠤᠷ ᠶᠠᠷᠤ ᠨᠢ

ᠰᠢᠷᠭᠢᠭᠦ ᠶᠢᠨ ᠣᠷᠤᠮ ᠦᠭᠡᠶ ᠣᠠᠳᠤᠷᠠᠳᠠᠭ ᠭᠡᠨ᠎ᠡ ᠯᠡᠢ

ᠦᠨᠡᠨ ᠤ ᠬᠤᠷᠸ᠎ᠠ ᠳᠤ

ᠠᠮᠢᠳᠤᠷᠠᠯ ᠶᠠᠷᠤ ᠨᠢ

ᠳᠠᠭᠤᠤ ᠪᠠᠷ ᠳᠤᠠᠳᠠᠷᠠᠳᠠᠭ ᠦᠭᠡᠶ

ᠡᠭᠡᠰᠢᠭ᠌ ᠭᠡᠨ᠎ᠡ ᠯᠡᠢ

ᠠᠮᠢᠳᠤ ᠶᠢᠨ ᠵᠠᠶᠠᠭᠠᠨ ᠳᠤ

ᠭᠦᠮᠤᠨ ᠶᠠᠷᠤ ᠨᠢ

ᠳᠤᠷᠠᠯᠠᠯ ᠶᠢᠡᠷ ᠳᠤᠳᠠᠭᠤ ᠦᠭᠡᠶ

ᠳᠠᠭᠤᠯᠳᠠᠭ ᠴᠤ ᠭᠡᠨ᠎ᠡ ᠯᠡᠢ᠁


2012 . 3 . 12 ᠬᠦᠬᠡᠬᠤᠲᠠ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2624
ᠴᠠᠭ᠄ 2012 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ