☆ ᠡᠷᠳᠡᠨᠢᠪᠠᠭᠠᠨ᠎ᠠ
ᠠᠭᠯᠠᠭ ᠠᠭᠤᠯᠠᠨ ᠤ ᠴᠠᠭᠠᠳᠬᠠᠯ
ᠨᠢᠭᠡ
ᠬᠤᠭᠤᠷᠤᠠᠳᠤ ᠪᠠᠨ ᠬᠠᠷ ᠬᠤᠷ ᠴᠤᠤᠭᠢᠯᠳᠤᠨ ᠣᠢ᠌ᠮᠠᠯᠳᠤᠨ
ᠬᠠᠨᠤᠰᠢ ᠦᠭᠡᠶ ᠬᠤᠪᠢ ᠶᠢᠨ ᠢᠳᠡᠭᠡᠯ ᠳᠤ ᠪᠠᠨ ᠭᠦᠳᠦᠯᠦᠭ᠍ᠳᠤᠨ
ᠠᠭᠤᠯᠠ ᠰᠦᠷᠦᠭᠯᠡᠨ ᠣᠷᠭᠤᠨ᠎ᠠ
ᠪᠠᠷᠠᠭᠠᠨ ᠪᠣᠳᠤᠯ ᠳᠤ ᠪᠠᠨ ᠪᠠᠷᠳᠡᠭ᠍ᠰᠢᠨ ᠬᠠᠷ᠎ᠠ ᠳᠠᠷᠤᠨ
ᠪᠦᠷᠭᠦᠭ᠌ ᠭᠡᠷᠡᠯ ᠬᠠᠯᠠᠭᠤᠨ ᠭᠦᠢᠳᠡᠨ ᠢ ᠭᠠᠳᠠᠨ᠎ᠠ ᠪᠠᠨ ᠳᠦᠭ᠍ᠵᠢᠨ
ᠠᠭᠤᠯᠠ ᠬᠤᠯᠪᠣᠯᠳᠠᠨ ᠦᠨᠳᠦᠷᠯᠠᠨᠡ᠁
ᠬᠤᠶᠠᠷ
ᠶᠡᠭᠦᠷᠡᠭᠦ ᠶᠢ ᠭᠦᠰᠡᠭᠦ ᠦᠭᠡᠶ ᠪᠣᠰᠤᠭ᠎ᠠ ᠨᠢᠭᠤᠴᠠ ᠲᠦᠯᠭᠢᠭᠦᠷ ᠪᠣᠯᠤᠭᠰᠠᠨ ᠶᠤᠮ
ᠶᠠᠷᠤ ᠪᠣᠰᠤ ᠶᠢᠨ ᠭᠡᠭᠡᠪᠴᠢ ᠪᠣᠳᠤᠯ ᠤᠨ ᠨᠥᠮᠵᠦᠭ᠌ ᠴᠠᠭᠠᠨ ᠵᠢᠭᠦᠷ ᠪᠣᠯᠤᠭᠰᠠᠨ ᠶᠤᠮ
ᠰᠢᠯᠦᠭ᠌ ᠶᠢᠡᠷ ᠭᠦᠢᠰᠤ ᠳᠡᠮᠳᠡᠷᠢᠭᠦ ᠦᠭᠡᠶ ᠰᠢᠷᠦᠭᠦᠨ ᠬᠠᠷᠠᠴᠠ ᠪᠣᠯᠤᠭᠰᠠᠨ ᠶᠤᠮ
ᠰᠢᠯᠢ ᠳᠠᠯ᠎ᠠ ᠪᠠᠨ ᠬᠠᠷᠠᠭᠤᠯᠳᠠᠭᠰᠠᠨ ᠦᠯᠴᠢᠷᠭᠡᠨ ᠡᠪ ᠤᠨ ᠬᠠᠰᠭᠢᠷᠤᠯ ᠪᠣᠯᠤᠭᠰᠠᠨ ᠶᠤᠮ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2728
ᠴᠠᠭ᠄ 2012 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ