☆ ᠪᠠ᠊·ᠪᠦᠷᠭᠦᠤᠨ
ᠡᠭᠢᠯᠡᠯ ᠳᠡᠭᠦᠰᠭᠡᠯ
ᠭᠤᠳᠤᠯ ᠶᠢᠠᠨ ᠵᠥᠯᠭᠦᠭᠦ ᠦᠭᠡᠶ ᠮᠢᠨᠢ ᠵᠠᠯᠬᠠᠭᠤ ᠳᠠᠭᠠᠨ ᠪᠢᠰᠢ
ᠭᠤᠷᠪᠠᠨ ᠡᠳᠦᠷ ᠥᠯᠦᠰᠭᠦᠯᠡᠩ ᠶᠠᠪᠣᠬᠤ ᠮᠢᠨᠢ ᠶᠠᠳᠠᠭᠤ ᠳᠠᠭᠠᠨ ᠪᠢᠰᠢ
ᠭᠤᠷᠮᠤᠰᠤᠨ ᠭᠠᠷᠠᠭ ᠮᠢᠨᠤ ᠳᠠᠷᠢᠭᠢᠨ ᠳᠤᠳᠤᠷ᠎ᠠ ᠁
ᠢᠷᠠᠭᠤ ᠨᠠᠢ᠌ᠷᠠᠭᠴᠢ ᠶᠢᠨ ᠮᠡᠳᠡᠷᠡᠳᠡᠭ᠌ ᠪᠦᠭᠦᠨ ᠮᠤᠳᠠᠨ ᠳᠤ ᠣᠷᠤᠭ᠎ᠠ ᠦᠭᠡᠶ
ᠢᠷᠠᠭᠤ ᠨᠠᠢ᠌ᠷᠠᠭᠴᠢ ᠶᠢᠨ ᠭᠦᠰᠡᠳᠡᠭ᠌ ᠪᠦᠭᠦᠨ ᠶᠢᠡᠷ ᠠᠮᠢᠳᠤᠷᠠᠯ ᠴᠠᠩᠭ᠋ᠠᠭᠰᠠᠨ
ᠢᠷᠠᠭᠤ ᠨᠠᠢ᠌ᠷᠠᠭᠴᠢ ᠶᠢᠨ ᠥᠭᠦᠯ ᠡᠴᠡ ᠢᠷᠡᠭᠡᠳᠦᠢ ᠡᠭᠢᠯᠡᠨ᠎ᠡ ᠁
ᠡᠭᠢᠯᠡᠯ ᠤᠨ ᠴᠡᠭ᠌ ᠭᠡᠳᠡᠭ᠌ ᠳᠡᠭᠦᠰᠭᠡᠯ ᠪᠢᠳᠠᠨ ᠤ ᠪᠦᠳᠦᠭᠡᠭ᠍ᠰᠡᠨ ᠶᠢᠷᠳᠢᠠᠴᠤ
ᠡᠷᠡᠰᠳᠡᠯ ᠭᠡᠳᠡᠭ᠌ ᠣᠤᠠᠬ᠎ᠠ ᠣᠴᠢᠷ ᠡᠶᠡᠷᠭᠦ ᠡᠭᠢᠯᠡᠭᠦ ᠶᠢᠨ ᠴᠡᠭ᠌
ᠳᠡᠭᠦᠰᠭᠡᠯ ᠤᠨ ᠪᠣᠭᠤᠨᠢᠬᠠᠨ ᠴᠠᠭ ᠬᠤᠭᠤᠴᠠᠭ᠎ᠠ ᠶᠢ ᠭᠦᠮᠦᠰ ᠮᠠᠷᠳᠠᠴᠢᠬᠠᠭᠰᠠᠨ ᠁
2003.03.08
* * *
ᠣᠴᠢᠬᠤ ᠭᠠᠵᠠᠷ ᠮᠢᠨᠢ ᠳᠤᠳᠤᠷᠬᠠᠢ ᠦᠭᠡᠶ
ᠣᠨᠠᠭᠰᠠᠨ ᠭᠠᠵᠠᠷ ᠰᠢᠷᠣᠢ᠌ᠨ ᠳᠡᠭᠡᠷ᠎ᠡ ᠪᠠᠨ ᠪᠠᠢ᠌ᠭ᠎ᠠ ᠪᠣᠯᠬᠤᠷ
ᠣᠨᠠᠭᠠᠬᠤ ᠨᠢᠯᠪᠣᠰᠤ ᠮᠢᠨᠢ ᠥᠵᠡᠭ᠍ᠳᠡᠭᠦ ᠦᠭᠡᠶ
ᠥᠨᠡ᠊ᠨᠳᠡᠭᠡᠨ ᠭᠠᠳᠠᠭᠰᠢ ᠣᠷᠤᠰᠬᠤ ᠦᠭᠡᠶ ᠪᠣᠯᠬᠤᠷ
ᠬᠠᠭᠠᠤᠨ ᠤᠨ ᠮᠢᠨᠢ ᠭᠦᠷᠦᠭ᠌ ᠤᠨ ᠳᠡᠷᠭᠡᠳᠡᠭᠦᠷ
ᠣᠯᠠᠨ ᠭᠦᠮᠦᠰ ᠬᠠᠷᠠᠬᠤ ᠵᠠᠪ ᠦᠭᠡᠶ ᠯᠠ ᠥᠩᠭᠡᠷᠡᠭᠦ ᠶᠤᠮ
ᠬᠠᠨ᠎ᠠ ᠶᠢᠨ ᠴᠢᠮᠡᠭᠯᠡᠯ ᠰᠢᠭ᠌ ᠪᠣᠯᠬᠤᠷ ᠨᠢ ᠳᠠᠷᠠ
ᠬᠠᠷᠢᠨ ᠪᠢ ᠯᠠ ᠭᠠᠭᠴᠠᠭᠠᠷ ᠳᠡᠩᠳᠡᠭᠦᠤ ᠰᠢᠨᠠᠯᠠᠬᠤ ᠶᠤᠮ ᠁
ᠠᠵᠠ ᠵᠢᠷᠭᠠᠯ ᠤᠨ ᠳᠤᠬᠠᠢ ᠭᠦᠮᠦᠰ ᠶᠡᠭᠡᠳᠡ ᠮᠥᠷᠦᠭᠡᠳᠦᠭᠦ ᠶᠤᠮ
《ᠠᠯᠳᠠᠨ ᠵᠢᠭᠠᠰᠤᠨ ᠤ ᠥᠯᠢᠭᠡᠷ》 ᠰᠢᠭ ᠬᠤᠭᠤᠰᠤᠨ ᠢ᠁
ᠮᠥᠩᠭᠦ ᠣᠯᠬᠤ ᠭᠡᠵᠤ ᠭᠦᠮᠦᠰ ᠪᠠᠢ᠌ᠩᠭ᠋ᠤ ᠪᠣᠵᠢᠭᠢᠨᠠᠬᠤ ᠶᠤᠮ
ᠮᠥᠩᠭᠡ ᠪᠣᠰᠤ ᠶᠢᠨ ᠶᠢᠷᠳᠢᠠᠴᠤ ᠳᠤ
ᠮᠥᠩᠭᠡᠷᠡᠭᠦ ᠶᠤᠮ ᠰᠢᠭ ᠳᠡᠨᠡᠭ᠌ ᠤᠳ᠁
* * *
ᠪᠣᠷᠬᠠᠨ ᠨᠠᠳᠠᠳᠤ ᠵᠠᠭᠢᠶ᠎ᠠ ᠢᠷᠡᠭᠦᠯᠦᠭ᠍ᠰᠡᠨ
ᠰᠥᠰᠦᠭ᠌ ᠪᠢᠰᠢᠷᠠᠯ᠂ ᠰᠠᠢ᠌ᠬᠠᠨ ᠮᠠᠭᠤᠬᠠᠢ ᠭᠡᠵᠤ
ᠣᠯᠠᠨ ᠶᠠᠭᠤᠮ᠎ᠠ ᠨᠤᠷᠰᠢᠭᠰᠠᠨ ᠪᠠᠢ᠌ᠭᠰᠠᠨ ᠁
ᠡᠷᠯᠢᠭ᠌ ᠨᠡᠳᠡᠳᠤ ᠵᠠᠭᠢᠶ᠎ᠠ ᠢᠷᠡᠭᠦᠯᠦᠭ᠍ᠰᠡᠨ
ᠳᠤᠭᠳᠤᠢ ᠶᠢ ᠨᠢ ᠴᠤ ᠵᠠᠳᠠᠯᠤᠭᠰᠠᠨ ᠦᠭᠡᠶ ᠪᠠᠷ
ᠥᠭᠦᠯ ᠳᠤ ᠳᠠᠮᠵᠢᠭᠤᠯᠤᠭᠰᠠᠨ ᠁
ᠥᠭᠦᠯ ᠨᠠᠳᠠᠳᠤ ᠵᠠᠭᠢᠶ᠎ᠠ ᠢᠷᠡᠭᠦᠯᠦᠭ᠍ᠰᠡᠨ
ᠪᠢ ᠪᠣᠴᠠᠭᠠᠨ ᠪᠣᠷᠬᠠᠨ ᠳᠤ ᠳᠠᠮᠵᠢᠭᠤᠯᠤᠭᠰᠠᠨ ᠁
ᠪᠣᠷᠬᠠᠨ ᠠᠭᠢᠵᠤ ᠵᠠᠭᠢᠶ᠎ᠠ ᠢᠷᠡᠭᠦᠯᠦᠭ᠍ᠰᠡᠨ
ᠪᠣᠶᠠᠨ ᠨᠢᠭᠦᠯ ᠤᠨ ᠳᠤᠬᠠᠢ ᠪᠠᠬᠠᠨ ᠠᠰᠠᠭᠤᠯᠳᠠ
ᠪᠢ ᠨᠢᠭᠡ ᠶᠢ ᠨᠢ ᠴᠤ ᠬᠠᠷᠢᠭᠤᠯᠤᠭᠰᠠᠨ ᠦᠭᠡᠶ ᠪᠠᠷ
ᠬᠤᠭ ᠣᠷᠤᠭᠤ ᠰᠢᠳᠡᠭ᠍ᠰᠡᠨ ᠁
2008.03.24
* * *
ᠨᠠᠳᠠᠳᠤ ᠰᠤᠨᠢᠨ ᠡᠪᠠᠦᠡᠴᠢᠨ ᠳᠤᠰᠤᠭᠰᠠᠨ
ᠣᠨᠤᠰᠢ ᠳᠤᠭᠳᠠᠭᠠᠬᠤ ᠡᠮᠴᠢ ᠨᠢ ᠳᠦᠷᠦᠭᠡ ᠦᠭᠡᠶ ᠭᠡᠨ᠎ᠡ
ᠨᠠᠳᠠᠳᠤ ᠰᠤᠨᠢᠨ ᠲᠤᠩ ᠳᠤᠰᠤᠭᠰᠠᠨ
ᠪᠠᠷᠴᠢᠳ ᠢ ᠨᠢ ᠠᠷᠢᠯᠭᠠᠬᠤ ᠯᠠᠮᠠ ᠳᠦᠷᠦᠭᠡ ᠦᠭᠡᠶ ᠭᠡᠨ᠎ᠡ
ᠨᠠᠳᠠᠳᠤ ᠰᠤᠨᠢᠨ ᠠᠳᠠ ᠳᠤᠰᠤᠭᠰᠠᠨ
ᠠᠳᠤᠭᠤᠰᠤ ᠡᠴᠡ ᠴᠤ ᠳᠤᠤᠷ᠎ᠠ ᠦᠭᠡᠶ ᠭᠡᠨ᠎ᠡ
ᠨᠠᠳᠠᠳᠤ ᠰᠤᠨᠢᠨ ᠰᠦᠨᠠᠰᠤ ᠣᠷᠤᠰᠢᠭᠰᠠᠨ
ᠴᠢᠦᠡᠭᠦᠷ ᠴᠤ ᠠᠶᠤᠳᠠᠭ ᠭᠡᠨ᠎ᠡ ᠁
2008.03.24
ᠵᠤᠬᠢᠶᠠᠭᠴᠢ᠄ ᠪᠠ᠊·ᠪᠦᠷᠭᠦᠤᠨ
ᠢᠷᠡᠯᠲᠡ᠄ 《ᠳᠠᠠᠴᠢᠨ》 ᠵᠤᠬᠢᠶᠠᠯᠴᠢᠳ ᠤᠨ ᠬᠤᠯᠪᠣᠭ᠎ᠠ
ᠬᠠᠷᠢᠶ᠎ᠠ᠄
ᠰᠢᠯᠦᠭᠳᠠᠷᠤᠮ᠄ 3726
ᠴᠠᠭ᠄ 2008 ᠤᠨ ᠤ 04 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ