☆ ᠷ·ᠨᠡᠷᠡ᠊ᠨᠳᠡᠭᠦᠰ
ᠵᠤᠯᠠᠢ ᠴᠠᠭᠠᠨ ᠬᠠᠩᠭ᠋ᠠᠢ ᠮᠢᠨᠢ
ᠮᠦᠩᠭᠦᠨ ᠵᠤᠯᠠᠢ᠌ᠳᠤ ᠰᠠᠷᠢᠳᠠᠭ ᠤᠳ ᠨᠢ
ᠣᠳᠤᠳ ᠵᠥᠯᠭᠦᠵᠤ ᠬᠤᠨᠤᠳᠠᠭ
ᠮᠦᠴᠢᠷ ᠨᠤᠭᠤᠭᠠᠨ ᠮᠤᠳᠤᠳ ᠨᠢ
ᠡᠭᠦᠯᠡᠨ ᠭᠡᠵᠢᠭᠡ ᠰᠠᠮᠨᠠᠳᠠᠭ
ᠨᠢᠳᠤᠨ ᠴᠡᠴᠡᠭᠡᠢ ᠨᠤᠳᠤᠭ ᠮᠢᠨᠢ
ᠨᠤᠮᠢᠨ ᠴᠡᠩᠭᠡᠷ ᠬᠠᠩᠭ᠋ᠠᠢ ᠮᠢᠨᠢ
ᠣᠷᠭᠢᠯ ᠦᠨᠳᠦᠷ ᠠᠭᠤᠯᠠᠰ ᠨᠢ
ᠳᠡᠭ᠍ᠷᠢ ᠮᠦᠷᠤᠯᠠᠵᠤ ᠰᠦᠨᠳᠠᠷᠯᠠᠨ᠎ᠡ
ᠣᠷᠤᠰᠬᠠᠯ ᠮᠥᠩᠭᠡ ᠭᠤᠤᠯ ᠤᠳ ᠨᠢ
ᠳᠡᠯᠡᠭᠡᠢ ᠬᠠᠢ᠌ᠯᠭᠠᠵᠤ ᠠᠶᠠᠠᠰᠢᠨᠠ᠃
ᠪᠠᠢ᠌ᠭᠠᠯᠢ ᠣᠰᠤ ᠪᠠᠨ ᠬᠠᠷᠠᠵᠤ
ᠭᠦᠮᠤᠨ ᠨᠢ ᠭᠤᠶᠤ ᠳᠦᠷᠦᠳᠡᠭ᠌
ᠪᠠᠶᠠᠨ ᠣᠷᠭᠤᠴᠠ ᠪᠠᠨ ᠲᠦᠰᠢᠵᠤ
ᠮᠠᠯ ᠨᠢ ᠦᠨᠢᠷ ᠦᠷᠡᠵᠢᠳᠡᠭ᠌
ᠨᠢᠳᠤᠨ ᠴᠡᠴᠡᠭᠡᠢ ᠨᠤᠳᠤᠭ ᠮᠢᠨᠢ
ᠨᠤᠮᠢᠨ ᠴᠡᠩᠭᠡᠷ ᠬᠠᠩᠭ᠋ᠠᠢ ᠮᠢᠨᠢ
ᠳᠤᠯᠢᠨ ᠴᠡᠩᠭᠡᠷ ᠨᠠᠭᠤᠷ ᠲᠡᠶ ᠡᠵᠡᠮᠳᠡᠭ᠍ᠰᠡᠨ
ᠬᠤᠨ ᠰᠢᠪᠠᠭᠤᠳ ᠨᠢ ᠠᠮᠤᠭᠤᠯᠠᠩ ᠴᠡᠩᠭᠡᠨ᠎ᠡ
ᠳᠤᠩᠭ᠋ᠠᠯᠠᠭ ᠰᠠᠷᠠᠭᠤᠯ ᠠᠮᠢᠳᠤᠷᠠᠯ ᠡᠵᠡᠩᠨᠡᠭ᠍ᠰᠡᠨ
ᠭᠦᠷᠦᠭᠡᠰᠤ ᠠᠷᠢᠶᠠᠳᠠᠨ ᠨᠢ ᠨᠠᠮᠤᠷᠵᠢᠭᠤᠨ ᠴᠠᠯᠭᠢᠨ᠎ᠠ᠃
ᠭᠠᠷᠠᠭ ᠳᠡᠯᠡᠭᠡᠢ ᠶᠢᠨ ᠪᠠᠭᠤᠳᠠᠯ ᠳᠤ
ᠳᠠᠭᠤᠤ ᠪᠠᠨ ᠡᠷᠭᠦᠭᠡᠳ ᠴᠡᠯᠡᠭᠡᠷᠭᠡᠨ
ᠭᠠᠵᠠᠷ ᠳᠡᠭ᠍ᠷᠢ ᠶᠢᠨ ᠵᠠᠢ ᠳᠤ
ᠳᠤᠯᠢᠨ ᠬᠤᠷᠸ᠎ᠠ ᠰᠢᠭ ᠴᠡᠩᠭᠡᠷᠭᠡᠨ
ᠨᠢᠳᠤᠨ ᠴᠡᠴᠡᠭᠡᠢ ᠨᠤᠳᠤᠭ ᠮᠢᠨᠢ
ᠨᠤᠮᠢᠨ ᠴᠡᠩᠭᠡᠷ ᠬᠠᠩᠭ᠋ᠠᠢ ᠮᠢᠨᠢ
ᠵᠤᠯᠠᠨ ᠴᠡᠩᠭᠡᠷ ᠠᠭᠤᠯᠠᠰ ᠢ ᠴᠢᠨᠢ
ᠰᠢᠳᠤᠵᠤ ᠶᠠᠪᠣᠭᠠᠤᠨ ᠥᠩᠭᠡᠷᠡᠨ᠎ᠡ
ᠵᠤᠯᠠᠢ ᠴᠠᠭᠠᠨ ᠬᠠᠩᠭ᠋ᠠᠢ ᠳᠠᠭᠠᠨ
ᠰᠢᠯᠦᠭ᠌ ᠶᠢᠡᠨ ᠥᠯᠡᠳᠡᠴᠢᠭᠡᠭᠡᠳ ᠮᠥᠩᠭᠡᠷᠡᠨ᠎ᠡ᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠶᠡᠭᠡᠡᠦᠰᠤ ᠰᠤᠮᠤ
ᠵᠤᠬᠢᠶᠠᠭᠴᠢ᠄ ᠷ·ᠨᠡᠷᠡ᠊ᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2729
ᠴᠠᠭ᠄ 2012 ᠤᠨ ᠤ 02 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ