ᠨᠡᠪᠲᠡᠷᠡᠨ ᠤᠷᠤᠬᠤ
ᠡᠮᠴᠢ ᠭᠦᠮᠤᠨ

ᠡᠷᠴᠢᠮ ᠨᠢ ᠰᠤᠯᠠᠷᠠᠭᠰᠠᠨ ᠳᠡᠭᠡᠰᠤ ᠰᠢᠭ᠌

ᠡᠷᠡᠮᠰᠢᠯ ᠠᠯᠳᠠᠭᠰᠠᠨ ᠡᠪᠠᠦᠡᠴᠢᠳᠡᠨ ᠢ

ᠡᠷᠯᠢᠭ᠌ ᠤᠨ ᠴᠠᠯᠮ᠎ᠠ ᠡᠴᠡ ᠠᠯᠳᠠᠷᠠᠭᠠᠵᠤ

ᠡᠷᠡᠭᠦᠯ ᠤᠨ ᠢᠯᠴᠢ ᠬᠠᠢ᠌ᠷᠠᠯᠠᠳᠠᠭ ᠪᠢᠯᠠ ︕

ᠡᠮᠴᠢ ᠭᠦᠮᠤᠨ

ᠡᠪᠠᠦᠡᠴᠤ ᠰᠢᠨᠠᠯᠭᠠᠬᠤ ᠶᠢᠨ ᠲᠤᠢ᠌ᠯ ᠳᠤ ᠳᠤᠯᠵᠤ

ᠡᠴᠦᠰ ᠤᠨ ᠠᠮᠢᠰᠬᠤᠭ᠎ᠠ ᠬᠤᠷᠢᠶᠠᠮᠠᠷ ᠠᠮᠢᠳᠠᠨ ᠢ

ᠡᠶᠡᠯᠳᠡᠭ᠌ ᠵᠥᠭᠡᠯᠡᠨ ᠠᠭᠠᠯᠢ ᠶᠢᠡᠷ ᠪᠦᠪᠠᠢ᠌ᠯᠠᠨ

ᠡᠩᠬᠡ ᠶᠢᠨ ᠠᠮᠢᠯᠠᠯ ᠰᠤᠶᠤᠷᠬᠠᠳᠠᠭ ᠪᠢᠯᠠ ︕

ᠡᠮᠴᠢ ᠭᠦᠮᠤᠨ

ᠠᠷᠬᠠᠭ ᠳᠠᠬᠤᠯ ᠡᠴᠡ ᠰᠡᠷᠭᠡᠢ᠌ᠯᠡᠵᠤ

ᠠᠷᠠᠤᠨ ᠣᠯᠠᠨ ᠶᠢᠡᠨ ᠵᠢᠷᠭᠠᠭᠤᠯᠬᠤ ᠶᠢ

ᠠᠷᠢᠭᠤᠨ ᠳᠠᠷᠬᠠᠨ ᠡᠭᠦᠷᠭᠡ ᠭᠡᠵᠤ

ᠠᠮᠢ ᠳᠠᠮᠠᠴᠠᠨ ᠵᠢᠦᠡᠭᠦᠳᠡᠭ᠌ ᠪᠢᠯᠠ ︕

ᠡᠮᠴᠢ ᠭᠦᠮᠤᠨ

ᠵᠥᠭ᠌ ᠶᠢᠡᠨ ᠠᠯᠳᠠᠭᠰᠠᠨ ᠡᠪᠠᠦᠡᠴᠢᠳᠡᠨ ᠢ

ᠵᠡᠭᠦᠤ ᠨᠢ ᠠᠭᠠᠵᠢᠭᠤᠬᠠᠨ ᠳᠤᠰᠤᠯ ᠶᠢᠡᠷ

ᠵᠤᠯᠳᠠᠢ᠌ᠬᠠᠨ ᠠᠮᠢᠯᠠᠭᠤᠯᠵᠤ ᠴᠢᠳᠠᠳᠠᠭ

ᠵᠦᠩ ᠪᠠᠯᠭᠡᠳᠤ ᠰᠠᠭᠢᠭᠤᠯᠰᠤᠨ ᠪᠢᠯᠠ ︕

ᠡᠮᠴᠢ ᠭᠦᠮᠤᠨ

ᠠᠪᠣᠷᠭᠤ ᠶᠡᠭᠡ ᠣᠷᠴᠢᠯᠠᠩ ᠤᠨ

ᠠᠪᠣᠷᠠᠯ ᠤᠨ ᠳᠡᠭᠡᠳᠤ ᠡᠯᠴᠢ ᠪᠢᠯᠠ

ᠠᠷᠠᠤᠨ ᠤᠨ ᠰᠡᠳᠬᠢᠯ ᠳᠤ ᠰᠡᠢ᠌ᠯᠦᠭ᠍ᠳᠡᠭ᠍ᠰᠡᠨ

ᠠᠨᠠᠭᠠᠬᠤ ᠣᠬᠠᠭᠠᠨ ᠤ ᠳᠤᠯᠢ ᠪᠢᠯᠠ ︕

ᠡᠮᠴᠢ ᠭᠦᠮᠤᠨ

ᠬᠠᠯᠳᠠᠪᠣᠷᠢᠳᠤ ᠡᠪᠡᠳᠴᠢᠨ ᠡᠴᠡ ᠰᠡᠷᠭᠡᠢ᠌ᠯᠡᠭᠦ ᠶᠢᠨ ᠲᠦᠯᠦᠭᠡ

ᠬᠠᠮᠤᠭ ᠠᠶᠤᠯ ᠢ ᠬᠠᠢ᠌ᠬᠤᠷᠠᠯ ᠦᠭᠡᠶ

ᠬᠠᠮᠠᠭᠠᠯᠠᠬᠤ ᠳᠠᠷᠢᠯᠭ᠎ᠠ ᠭᠢᠵᠤ ᠦᠭ‍ᠳᠡᠭ᠌

ᠬᠠᠳᠠᠨ ᠵᠤᠷᠢᠭᠳᠤ ᠪᠠᠭᠠᠳᠤᠷ ᠪᠢᠯᠠ ︕


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠾᠸᠵᠢᠩ ᠰᠢᠶᠠᠨ ᠤ ᠦᠯᠵᠠᠢ᠌ᠳᠤ᠊ᠠ᠋ᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ

ᠵᠤᠬᠢᠶᠠᠭᠴᠢ᠄ ᠳᠤᠷᠤᠨᠠ‍ᠴᠡᠴᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 08 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ