ᠨᠡᠪᠲᠡᠷᠡᠨ ᠤᠷᠤᠬᠤ
ᠵᠠᠭᠤᠨ ᠵᠠᠭᠤᠨ ᠣᠨ ᠶᠢᠡᠷ ᠣᠷᠤᠰᠢᠨ ᠠᠮᠢᠳᠤᠷᠠᠬᠤᠢ ᠰᠡᠳᠬᠢᠯᠭᠡᠨ ᠊᠊᠊᠊᠊᠊᠊᠊᠊᠊᠊᠊᠊᠊᠊ ᠣᠢ᠌ᠷᠠᠤᠨ ᠰᠤᠳᠤᠯᠤᠯ

ᠣᠢ᠌ᠷᠠᠤᠨ ᠰᠤᠳᠤᠯᠭᠠᠨ ᠨᠢ ᠮᠤᠩᠭ᠋ᠤᠯ ᠰᠤᠳᠤᠯᠤᠯ ᠤᠨ ᠨᠢᠭᠡᠨ ᠭᠤᠤᠯ ᠰᠤᠳᠤᠯᠤᠯ ᠪᠣᠯᠵᠤ ᠪᠠᠢ᠌ᠭ᠎ᠠ ᠶᠤᠮ᠃ ᠣᠢ᠌ᠷᠠᠤᠨ ᠤᠨ ᠳᠡᠦᠭᠡ 13᠂ 14 ᠳ᠋ᠦᠭᠡᠷ ᠵᠠᠭᠤᠨ ᠪᠣᠶᠤ ᠠᠷᠠᠢ ᠡᠷᠳᠡ 10 ᠳ᠋ᠤᠭᠠᠷ ᠵᠠᠭᠤᠨ ᠡᠴᠠ ᠡᠭᠢᠯᠡᠭ᠍ᠰᠡᠨ ᠪᠢᠰᠢ᠂ ᠬᠠᠷᠢᠨ 1 ᠊᠊᠊᠊᠊᠊᠊᠊᠊᠊᠊᠊᠊᠊᠊ 2 ᠳ᠋ᠤᠭᠠᠷ ᠵᠠᠭᠤᠨ ᠡᠴᠠ ᠡᠭᠢᠯᠡᠭ᠍ᠰᠡᠨ ᠣᠯᠠᠮᠵᠢᠯᠠᠯ ᠶᠠᠷᠢᠶ᠎ᠠ ᠪᠣᠢ᠂ 5 ᠳ᠋ᠤᠭᠠᠷ ᠵᠠᠭᠤᠨ ᠳᠤ ᠣᠢ᠌ᠷᠠᠤᠨ ᠤᠨ ᠳᠤᠬᠠᠢ ᠳᠡᠦᠭᠡᠨ ᠳᠡᠮᠳᠡᠭᠯᠡᠯ ᠤᠨ ᠮᠡᠳᠡᠭᠡ ᠤᠳ ᠪᠣᠢ ᠪᠣᠯᠤᠭᠰᠠᠨ ᠶᠤᠮ᠃ ᠨᠢᠭᠤᠴᠠ ᠳᠤᠪᠴᠢᠶᠠᠨ ᠳᠤ᠂ ᠴᠢᠩᠭᠢᠰ ᠬᠠᠭᠠᠨ ᠳᠤ ᠬᠠᠮᠤᠭ ᠤᠨ ᠦᠨᠡᠠᠴᠢ ᠵᠢᠦᠡᠭᠦᠭ᠍ᠰᠡᠨ ᠬᠤᠳᠠᠭ᠎ᠠ ᠪᠠᠭᠢ ᠪᠣᠯ ᠣᠢ ᠶᠢᠨ ᠢᠷᠭᠡᠳ ᠤᠨ ᠠᠬᠠᠯᠠᠭᠴᠢ ᠨᠤᠶᠠᠨ᠂ ᠳᠠᠷᠠ ᠭᠠᠳᠠᠭᠠᠳᠤ ᠬᠠᠷᠢᠯᠴᠠᠭ᠎ᠠ ᠶᠢ ᠡᠷᠭᠢᠯᠡᠵᠤ᠂ ᠬᠠᠮᠤᠭ ᠤᠨ ᠶᠡᠭᠡ ᠡᠪ ᠵᠦᠢ᠌ ᠶᠢ ᠣᠯᠳᠠᠭ ᠨᠠᠢ᠌ᠷ ᠲᠡᠶ ᠰᠠᠢ᠌ᠬᠠᠨ ᠬᠠᠠᠳᠤᠳᠠᠭ ᠴᠠᠴᠠᠨ ᠪᠢᠯᠢᠭ᠍ᠳᠤ ᠭᠦᠮᠤᠨ᠂ ᠳᠤᠬᠠᠢ᠌ᠯᠠᠪᠠᠯ᠄ ᠴᠢᠩᠭᠢᠰ ᠬᠠᠭᠠᠨ ᠬᠠᠮᠤᠭ ᠤᠨ ᠠᠩᠬᠠᠨ ᠤ ᠠᠯᠳᠠᠨ ᠪᠢᠴᠢᠭ᠌ ᠶᠢᠡᠨ ᠥᠭ᠍ᠴᠤ ᠭᠠᠳᠠᠭᠠᠳᠤ ᠳᠤ ᠶᠠᠪᠣᠭᠤᠯᠵᠤ᠂ ᠮᠤᠩᠭ᠋ᠤᠯ ᠢ ᠰᠤᠷᠳᠠᠯᠴᠢᠯᠠᠨ ᠳᠠᠨᠢᠭᠤᠯᠵᠤ᠂ ᠡᠪ ᠨᠠᠢ᠌ᠷᠠᠮᠳᠠᠯᠳᠤ ᠠᠷᠭ᠎ᠠ ᠪᠠᠷ ᠶ‍ᠢᠷᠳᠢᠠᠴᠤ ᠶᠢ ᠳᠦᠪᠭᠢᠨᠡᠭᠦᠯᠭᠦ ᠵᠠᠮ ᠢ ᠰᠠᠳᠤᠵᠤ ᠪᠠᠢ᠌ᠭᠰᠠᠨ ᠣᠯᠤᠰ ᠲᠦᠷᠦᠴᠢᠨ ᠠᠷᠠᠤᠨ ᠲᠦᠮᠡᠨ ᠤ ᠦᠷᠡᠰ ᠪᠣᠯ ᠣᠢ᠌ᠷᠠᠤᠨᠴᠤᠤᠯ ᠪᠣᠯᠤᠨ᠎ᠠ᠃ ᠣᠢ᠌ᠷᠠᠤᠨ ᠢ ᠴᠤᠷᠠᠰ᠂ ᠬᠤᠱᠤᠳ᠂ ᠳᠦᠷᠪᠡᠳ᠂ ᠳᠤᠷᠭᠤᠳ ᠭᠡᠮᠡᠨ ᠬᠤᠪᠢᠶᠠᠵᠤ᠂ ᠳᠦᠷᠪᠡᠨ ᠣᠢ᠌ᠷᠠᠤᠨ ᠭᠡᠳᠡᠭ᠌᠃ ᠡᠨᠡᠭᠦ ᠳᠦᠷᠪᠡᠨ ᠠᠢ᠌ᠮᠠᠭ ᠣᠭᠰᠠᠭᠠᠳᠠᠨ ᠬᠤᠪᠢ ᠬᠤᠪᠢ ᠶᠡᠭᠡ ᠵᠤᠪᠠᠵᠤ ᠶᠠᠪᠣᠭᠰᠠ ᠳᠡᠦᠭᠡᠨ ᠶᠠᠪᠣᠴᠠ ᠲᠡᠶ᠃ ᠴᠤᠷᠠᠰ ᠤᠳ ᠳᠤᠰᠠᠭᠠᠷ ᠳᠤᠭᠳᠠᠨᠢᠯ ᠶᠢᠡᠨ ᠬᠠᠮᠠᠭᠠᠯᠠᠬᠤ ᠭᠡᠵᠤ ᠵᠤᠪᠠᠭᠰᠠᠨ᠂ ᠬᠤᠱᠤᠳ ᠤᠳ ᠭᠡᠳᠤ ᠬᠤᠪᠢᠶᠠᠭᠳᠠᠨ ᠰᠠᠷᠨᠢᠵᠤ ᠵᠤᠪᠠᠭᠰᠠᠨ᠂ ᠳᠤᠷᠭᠤᠳ ᠤᠳ ᠨᠡᠭᠦᠵᠤ ᠵᠤᠪᠠᠭᠰᠠᠨ᠂ ᠳᠦᠷᠪᠡᠳ ᠤᠳ ᠡᠷᠭᠡ ᠮᠠᠳᠠᠯ ᠤᠨ ᠳᠦᠯᠦᠭᠡ ᠪᠣᠯᠢᠶᠠᠯᠳᠤᠵᠤ ᠵᠤᠪᠠᠭᠰᠠᠨ᠃ ᠵᠡᠭᠦᠨᠭᠠᠷ ᠬᠠᠭᠠᠠᠳᠤ ᠣᠯᠤᠰ ᠢ ᠪᠠᠢ᠌ᠭᠤᠯᠬᠤ ᠳᠤ ᠴᠤᠷᠠᠰ ᠤᠳ ᠪᠦᠭᠦᠢᠯᠡ ᠡᠳ᠋ ᠭᠦᠷᠦᠩᠭᠡ᠂ ᠠᠪᠢᠶᠠᠰ ᠴᠢᠳᠠᠪᠣᠷᠢ᠂ ᠡᠷᠳᠡᠮ ᠮᠡᠳᠡᠯᠭᠡ ᠪᠠᠨ ᠵᠤᠷᠢᠭᠤᠯᠤᠭᠰᠠᠨ ᠠᠷᠠᠤᠨ ᠲᠦᠮᠡᠨ ᠪᠠᠢ᠌ᠵᠤ᠂ ᠳᠠᠳᠠᠨ ᠤ ᠬᠣᠢ᠌ᠴᠢᠰ ᠨᠢ ᠥᠭᠡᠯᠡᠳ ᠭᠡᠵᠤ ᠨᠠᠷ᠎ᠠ ᠲᠡᠶ ᠶᠠᠪᠣᠳᠠᠭ ᠪᠣᠯᠪᠠ᠃

ᠣᠢ᠌ᠷᠠᠤᠨ ᠭᠡᠳᠡᠭ᠌ ᠨᠢ ᠣᠢ ᠶᠢᠨ ᠠᠷᠠᠤᠨ ᠭᠡᠰᠡᠨ ᠥᠭᠡ ᠶᠢᠨ ᠢᠵᠠᠭᠤᠷ ᠡᠴᠠ ᠡᠰᠢ ᠠᠪᠣᠭᠰᠠᠨ ᠪᠣᠯᠬᠤᠷ ᠣᠯᠠᠨ ᠠᠢ᠌ᠮᠠᠭ ᠪᠦᠯᠦᠭ᠍ᠳᠡᠨ ᠢ ᠪᠠᠭᠳᠠᠭᠠᠭᠰᠠᠨ ᠪᠠᠢ᠌ᠳᠠᠭ᠃ ᠵᠠᠷᠢᠮ ᠳᠡᠦᠭᠡᠴᠢᠨ ᠨᠡᠷ ᠪᠠᠰᠠ ᠣᠯᠠᠨ ᠦᠨᠳᠦᠰᠦᠳᠠᠨ ᠶᠠᠰᠤᠳᠠᠨ ᠪᠠᠭᠳᠠᠵᠤ ᠪᠣᠢ᠂ ᠬᠤᠲᠤᠩ ᠴᠤ ᠡᠭᠦᠨ ᠳᠤ ᠪᠠᠭᠳᠠᠵᠤ᠂ ᠭᠦᠯᠤᠨ ᠪᠣᠢ᠌ᠷ ᠤᠨ ᠣᠯᠠᠨ ᠦᠨᠳᠦᠰᠦᠳᠠᠨ ᠶᠠᠰᠤᠳᠠᠨ ᠴᠤ ᠪᠠᠭᠳᠠᠵᠤ ᠪᠠᠢ᠌ᠨ᠎ᠠ ᠭᠡᠵᠤ ᠶᠠᠷᠢᠵᠤ ᠪᠣᠢ᠃

ᠣᠢ᠌ᠷᠠᠤᠨ ᠤᠳ 15 ᠳ᠋ᠤᠭᠠᠷ ᠵᠠᠭᠤᠨ᠎ᠠ᠂ ᠠᠯᠳᠠᠨ ᠬᠠᠭᠠᠨ ᠤ ᠦᠶ᠎ᠡ ᠳᠤ ᠲᠦᠪ ᠠᠽᠢᠶ᠎ᠠ ᠳᠤ ᠠᠩᠬ᠎ᠠ ᠭᠠᠩ ᠪᠣᠯᠤᠳ ᠬᠠᠢ᠌ᠯᠤᠭᠤᠯᠤᠨ᠂ ᠳᠤᠮᠤ ᠭᠡᠯᠪᠠᠷᠢ ᠶᠢᠨ ᠥᠭᠡᠷ ᠫᠣᠤ ᠴᠢᠤᠠᠬᠤᠵᠤ ᠪᠠᠢ᠌ᠭᠰᠠᠨ ᠨᠢ ᠳᠡᠦᠭᠡᠨ ᠪᠢᠴᠢᠭ᠌ ᠮᠠᠲ᠋ᠸᠷᠢᠶᠠᠯ ᠳᠤ ᠳᠡᠮᠳᠡᠭᠯᠡᠳᠡᠵᠤ ᠪᠠᠢ᠌ᠨ᠎ᠠ᠃ ᠳᠠᠳᠠᠨ ᠴᠡᠷᠢᠭ᠌ ᠳᠠᠢ᠌ᠨ ᠤ ᠣᠷᠠᠯᠢᠭ ᠲᠤ ᠰᠢᠨᠠᠴᠢᠯᠠᠯᠳᠠ ᠭᠡᠵᠤ᠂ ᠣᠯᠠᠨ ᠠᠷᠪᠢᠨ ᠢᠯᠠᠯᠳᠠ ᠣᠯᠤᠭᠰᠠᠨ ᠴᠡᠷᠢᠭ᠌ ᠳᠠᠢ᠌ᠨ ᠤ ᠠᠷᠭ᠎ᠠ ᠪᠠᠷᠢᠯ ᠡᠭᠦᠳᠤᠨ ᠪᠦᠳᠦᠭᠡᠵᠤ᠂ ᠳᠠᠢ᠌ᠨ ᠪᠠᠢ᠌ᠯᠳᠤᠭᠠᠨ ᠤ ᠰᠢᠨᠠᠴᠢᠯᠠᠯᠳᠠ ᠳᠤ ᠰᠠᠢ᠌ᠬᠠᠨ ᠣᠢ᠌ᠯᠠᠰ ᠢ ᠪᠦᠳᠦᠭᠡᠭ᠍ᠰᠡᠨ ᠳᠡᠦᠭᠡ ᠲᠡᠶ᠃ ᠠᠵᠤ ᠠᠬᠤᠢ ᠡᠳ᠋ ᠤᠨ ᠵᠠᠰᠠᠭ ᠤᠨ ᠡᠵᠡᠩᠨᠡᠯᠳᠡ ᠳᠡᠭᠡᠨ ᠥᠭᠡᠷ᠎ᠡ ᠪᠣᠰᠤᠳ ᠡᠴᠠ ᠣᠠᠴᠠᠭᠠᠢ ᠴᠢᠳᠠᠮᠭᠠᠢ ᠪᠠᠢ᠌ᠵᠤ᠂ ᠠᠮᠢᠳᠤᠷᠠᠬᠤᠢ ᠭᠦᠴᠤᠨ ᠨᠢ ᠳᠣᠢ᠌ᠯ ᠤᠨ ᠭᠠᠷᠠᠮᠭᠠᠢ ᠭᠠᠢ᠌ᠬᠠᠮᠰᠢᠭ ᠪᠠᠢ᠌ᠭᠰᠠᠨ ᠡᠴᠠ ᠥᠭᠡᠯᠡᠳ ᠭᠦᠮᠤᠨ ᠥᠭᠡᠷ᠎ᠡ ᠪᠣᠰᠤᠳ ᠡᠴᠠ ᠭᠤᠶᠤᠯᠭ᠎ᠠ ᠡᠷᠢᠭᠦ ᠦᠭᠡᠶ ᠮᠥᠷᠳᠡᠭᠡᠨ ᠦᠯᠪᠠᠷᠠᠵᠤ ᠦᠭᠦᠭ᠍ᠰᠡᠨ ᠣᠳᠠᠭ᠎ᠠ ᠦᠭᠡᠶ᠃ ᠨᠠᠷᠠᠨ ᠡᠴᠠ ᠡᠷᠳᠡᠯᠡᠨ ᠪᠣᠰᠴᠤ ᠭᠡᠵᠢᠶ᠎ᠡ ᠬᠠᠮᠢᠭ᠎ᠠ᠂ ᠶᠠᠮᠠᠷ ᠣᠷᠴᠢᠨ ᠳᠤᠭᠤᠷᠢᠨ ᠳᠤ ᠠᠮᠢᠳᠤᠷᠠᠭᠰᠠᠨ ᠴᠤ ᠣᠩᠭ᠋ᠤᠨ ᠪᠠᠢ᠌ᠭᠠᠯᠢ ᠪᠠᠨ ᠨᠢᠳᠤᠨ ᠤ ᠭᠢᠨᠢ ᠴᠡᠴᠡᠭᠡᠢ ᠰᠢᠭ᠌ ᠬᠠᠢ᠌ᠷᠠᠯᠠᠳᠠᠭ᠂ ᠠᠵᠢᠯᠴᠢ ᠱᠠᠯᠠᠮᠠᠭᠠᠢ᠂ ᠡᠷᠭᠢᠮ ᠳᠡᠭᠡᠳᠤ ᠶᠤᠰᠤ ᠮᠤᠷᠠᠯ᠂ ᠰᠤᠶᠤᠯ ᠪᠣᠯᠪᠠᠰᠤᠨ ᠲᠡᠶ ᠠᠷᠠᠤᠨ ᠢᠷᠭᠡᠳ ᠪᠣᠯᠤᠨ᠎ᠠ᠃ ᠡᠨᠡ ᠨᠢ ᠳᠠᠳᠠᠨ ᠤ ᠡᠪᠦᠭᠡ ᠳᠡᠭᠡᠳᠦᠰ᠂ ᠦᠨᠳᠦᠰᠦᠳᠠᠨ ᠤ ᠪᠠᠭᠠᠳᠤᠷ ᠊᠊᠊᠊᠊᠊᠊᠊᠊᠊᠊᠊᠊᠊᠊ ᠭᠠᠯᠳᠠᠨ ᠪᠣᠱᠤᠭᠳᠤ ᠶᠢᠨ ᠮᠢᠨᠤ ᠨᠤᠳᠤᠭ ᠤᠨ ᠭᠠᠵᠠᠷ ᠰᠢᠷᠤᠢ ᠡᠴᠠ ᠪᠣᠷᠬᠠᠨ ᠭᠤᠶᠤᠭᠰᠠᠨ ᠴᠤ ᠪᠣᠤ ᠥᠭ᠌︕ᠭᠡᠰᠡᠨ ᠢ ᠵᠢᠷᠤᠮᠠᠯᠠᠭᠰᠠᠨ ᠡᠴᠠ ᠪᠠ᠃ ᠶᠠᠷᠤ ᠶᠢᠨ ᠥᠭᠡᠨ ᠳᠤ ᠥᠭᠡᠯᠡᠳ ᠲᠡᠶ ᠰᠠᠭᠤᠭᠰᠠᠨ ᠭᠦᠮᠤᠨ ᠥᠷᠯᠦᠭᠡ ᠴᠠᠢ ᠲᠡᠶ ᠭᠡᠳᠡᠭ᠌᠃ ᠡᠷᠳᠡᠨ ᠤ ᠊ᠭ᠍‍ᠷᠧᠭ᠌ ᠤᠨ ᠡᠷᠳᠡᠮᠳᠡᠨ ᠳᠤ ᠠᠮᠢᠳᠤᠷᠠᠯ ᠠᠬᠤᠢ ᠴᠢᠨᠢ ᠰᠠᠢ᠌ᠨ ᠪᠠᠢ᠌ᠵᠤ᠂ ᠡᠷᠳᠡᠮ ᠴᠢᠳᠠᠪᠣᠷᠢᠳᠠᠢ ᠠᠮᠢᠳᠤᠷᠠᠶ᠎ᠠ ᠭᠡᠪᠠᠯ 3 ᠴᠠᠭ ᠣᠠᠳᠠ᠂ ᠡᠭᠡᠯ ᠵᠢᠷ ᠠᠮᠢᠳᠤᠷᠠᠶ᠎ᠠ ᠭᠡᠪᠠᠯ 5 ᠴᠠᠭ ᠣᠠᠳᠠ᠂ ᠡᠷᠭᠢᠭᠦᠤ ᠳᠡᠨᠡᠭ᠌ ᠠᠮᠢᠳᠤᠷᠠᠶ᠎ᠠ ᠭᠡᠪᠠᠯ 8 ᠴᠠᠭ ᠣᠠᠳᠠ ᠭᠡᠰᠡᠨ ᠨᠢᠭᠡᠨ ᠥᠭᠡ ᠪᠠᠢ᠌ᠳᠠᠭ᠃ ᠡᠨᠡᠭᠦ ᠰᠡᠳᠬᠢᠯᠭᠡᠨ᠂ ᠡᠨᠡᠭᠦ ᠣᠨᠤᠯ ᠪᠠᠷ ᠠᠮᠢᠳᠤᠷᠠᠳᠠᠭ ᠣᠯᠤᠰ ᠤᠳ ᠪᠣᠯ ᠥᠭᠡᠯᠡᠳᠴᠥᠳ ᠪᠣᠯᠤᠨ᠎ᠠ᠃

ᠭᠠᠵᠠᠷ ᠰᠢᠷᠤᠢ ᠡᠭᠡ ᠪᠠᠢ᠌ᠭᠠᠯᠢ ᠶᠢᠨ ᠬᠠᠮᠠᠭᠠᠯᠠᠯᠳᠠ ᠪᠠ ᠠᠰᠢᠭᠯᠠᠯᠳᠠ ᠶᠢᠨ ᠰᠢᠨᠠᠴᠢᠯᠠᠯᠳᠠ ᠶᠢ ᠭᠠᠯᠳᠠᠨ ᠪᠣᠱᠤᠭᠳᠤ ᠬᠠᠭᠠᠨ ᠤ ᠦᠶ᠎ᠡ ᠡᠴᠠ ᠡᠭᠢᠯᠡᠨ ᠭᠢᠭ᠍ᠰᠡᠨ ᠪᠢᠯᠠ᠃ ᠪᠠᠯᠴᠢᠭᠡᠷ ᠰᠠᠢ᠌ᠠᠳᠠᠢ ᠳᠠᠯ᠎ᠠ ᠳᠤ ᠮᠠᠯ ᠮᠠᠯᠵᠢᠵᠤ᠂ ᠰᠢᠮ᠎ᠠ ᠰᠠᠢ᠌ᠠᠳᠠᠢ ᠠᠭᠤᠯᠠᠷᠬᠠᠭ ᠭᠠᠵᠠᠷ ᠳᠠᠷᠢᠶᠠᠯᠠᠩ ᠡᠷᠭᠢᠯᠡᠨ᠂ ᠣᠷᠳᠤ ᠭᠦᠯ ᠲᠡᠶ ᠠᠳᠤᠭᠤ᠂ ᠪᠣᠳᠠ ᠤᠳ ᠮᠠᠯ ᠶᠢᠡᠨ ᠠᠭᠯᠠᠭ ᠠᠭᠤᠯᠠ ᠪᠠᠷ ᠣᠳᠤᠷᠯᠠᠭᠤᠯᠵᠤ᠂ ᠰᠠᠭᠠᠯᠢ ᠶᠢᠨ ᠦᠨᠢᠶ᠎ᠡ᠂ ᠪᠣᠭ ᠤᠳ ᠣᠢ᠌ᠷ᠎ᠠ ᠣᠷᠴᠢᠮ ᠰᠠᠭᠤᠷᠰᠢᠭᠤᠯᠬᠤ ᠭᠡᠷᠡᠭ᠍ᠳᠡᠢ ᠭᠡᠮᠡᠨ᠂ ᠵᠢᠯ ᠤᠨ ᠳᠦᠷᠪᠡᠨ ᠣᠯᠠᠷᠢᠯ ᠣᠳᠤᠷᠯᠠᠨ ᠮᠠᠯᠵᠢᠵᠤ᠂ ᠡᠭᠡ ᠪᠠᠢ᠌ᠭᠠᠯᠢ ᠶᠢᠨ ᠠᠰᠢᠭ ᠰᠢᠮ᠎ᠠ ᠶᠢ ᠰᠢᠡᠵᠢᠯᠡᠭᠦ ᠣᠬᠠᠭᠠᠠᠴᠢ ᠪᠠᠷ ᠠᠰᠢᠭᠯᠠᠨ᠂ ᠵᠠᠭᠤᠨ ᠵᠠᠭᠤᠨ ᠣᠨ ᠪᠠᠷ ᠣᠩᠭ᠋ᠤᠨ ᠪᠠᠢ᠌ᠭᠠᠯᠢ ᠪᠠᠨ ᠥᠴᠦᠭᠡᠨ ᠴᠤ ᠪᠣᠵᠠᠷᠳᠠᠭᠤᠯᠤᠨ ᠰᠥᠢᠦᠡᠭᠡᠭ᠍ᠰᠡᠨ ᠦᠭᠡᠶ ᠦᠶ᠎ᠡ ᠣᠯᠠᠷᠢᠨ ᠣᠷᠤᠭᠰᠢᠭᠠᠷ ᠢᠷᠠᠵᠠᠢ᠃ ᠮᠠᠯᠵᠢᠬᠤ ᠪᠠ ᠳᠠᠷᠢᠶᠠᠯᠠᠩ ᠶᠢᠡᠨ ᠬᠤᠳᠠᠯᠳᠤᠭᠠᠨ ᠤ ᠰᠤᠪᠠᠭ ᠶᠢᠡᠷ ᠬᠤᠯᠪᠣᠵᠤ᠂ ᠳᠠᠷᠠ ᠦᠶ᠎ᠡ ᠳᠤ ᠬᠤᠳᠠᠯᠳᠤᠭᠠᠴᠢ ᠭᠡᠳᠡᠭ᠌ ᠳᠤᠰᠠᠬᠠᠢ ᠣᠪᠣᠭ ᠠᠢ᠌ᠮᠠᠭ ᠭᠠᠷᠭᠠᠨ᠂ ᠭᠦᠳᠡᠯᠮᠦᠷᠢ ᠶᠢᠨ ᠬᠤᠪᠢᠶᠠᠷᠢ ᠪᠣᠢ ᠪᠣᠯᠤᠭᠰᠠᠨ ᠪᠠᠢ᠌ᠨ᠎ᠠ᠃

ᠥᠭᠡᠯᠡᠳᠴᠦᠦᠯ ᠥᠷᠭᠡᠨ ᠠᠭᠤᠳᠠᠮ ᠨᠤᠳᠤᠭ ᠣᠷᠤᠨ ᠶᠢᠡᠨ ᠬᠠᠷᠢ ᠳᠡᠭᠡᠷᠡᠮ ᠪᠣᠯᠢᠶᠠᠨ ᠳᠡᠭᠡᠷᠡᠮᠳᠡᠭᠦ ᠡᠴᠠ ᠬᠠᠮᠠᠭᠠᠯᠠᠨ ᠰᠡᠷᠭᠡᠢ᠌ᠯᠡᠭᠦ ᠶᠢᠨ ᠳᠦᠯᠦᠭᠡ ᠪᠦᠭᠦ ᠣᠢ᠌ᠷᠠᠤᠨ ᠤᠨ 19 ᠨᠤᠳᠤᠭ ᠡᠴᠠ ᠰᠢᠯᠢᠳᠡᠭ᠌ ᠭᠦᠮᠦᠰ ᠢ ᠳᠠᠳᠠᠨ ᠭᠢᠯᠢᠴᠢᠨ ᠵᠠᠩᠵᠤᠳ ᠭᠡᠳᠡᠭ᠌ ᠵᠠᠬ᠎ᠠ ᠭᠢᠵᠠᠭᠠᠷ ᠢ ᠠᠷᠢᠭᠤᠤᠠᠬᠠᠬᠤ ᠣᠯᠤᠰ ᠤᠳ ᠢ ᠪᠣᠢ ᠪᠣᠯᠭᠠᠨ᠂ ᠲᠦᠷᠦ ᠲᠦᠪᠰᠢᠨ ᠤ ᠳᠤᠭᠳᠠᠴᠠ ᠶᠢᠨ ᠴᠤ᠋ ᠰᠢᠨ᠎ᠡ ᠦᠵᠡᠯ ᠊᠊᠊᠊᠊᠊᠊᠊᠊᠊᠊᠊᠊᠊᠊ ᠲᠦᠷᠦ ᠡᠳ᠋ ᠤᠨ ᠵᠠᠰᠠᠭ ᠤᠨ ᠬᠤᠪᠢ ᠳᠤ ᠠᠮᠤᠷ ᠳᠤᠭᠳᠠᠭᠤᠨ᠂ ᠦᠵᠡᠯ ᠰᠠᠨᠠᠭᠠᠨ ᠤ ᠬᠤᠪᠢ ᠳᠤ ᠠᠭᠤᠵᠢᠭᠤ ᠳᠠᠯᠪᠢᠭᠤᠨ᠂ ᠭᠢᠯᠢ ᠭᠢᠵᠠᠭᠠᠷ ᠤᠨ ᠬᠤᠪᠢ ᠳᠤ ᠡᠩᠭᠡ ᠠᠮᠤᠭᠤᠯᠠᠩ ᠪᠠᠢ᠌ᠬᠤ ᠶᠤᠰᠤᠳᠠᠢ ᠭᠡᠰᠡᠨ ᠢ ᠭᠦᠮᠤᠨ ᠲᠦᠷᠦᠯᠭᠢᠳᠠᠨ ᠳᠤ ᠳᠤᠪᠴᠢᠯᠠᠨ ᠳᠠᠨᠢᠭᠤᠯᠤᠭᠰᠠᠨ ᠪᠠᠢ᠌ᠨ᠎ᠠ᠃


ᠳ·ᠵᠠᠮᠰᠠ ᠳᠸᠯᠸᠢᠰ ᠰᠤᠨᠢᠨ ᠮᠡᠳᠡᠭᠡᠨ ᠤ ᠡᠷᠭᠢᠯᠡᠨ ᠨᠠᠢ᠌ᠷᠠᠭᠤᠯᠤᠭᠴᠢ

ᠵᠤᠬᠢᠶᠠᠭᠴᠢ ᠶᠢᠨ ᠬᠠᠶ‍ᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7479
ᠴᠠᠭ᠄ 2010 ᠤᠨ ᠤ 02 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ