ᠨᠡᠪᠲᠡᠷᠡᠨ ᠤᠷᠤᠬᠤ
ᠪᠢ ᠪᠣᠯ ᠮᠠᠯᠴᠢᠨ ᠭᠦᠮᠤᠨ

ᠭᠦᠭᠡ ᠮᠥᠩᠭᠦᠨ ᠳᠡᠭ᠍ᠷᠢ ᠶᠢᠨ ᠶᠢᠡᠨ ᠳᠤᠤᠷ᠎ᠠ

ᠭᠦᠳᠦᠰᠤᠨ ᠳᠠᠪᠠᠯ ᠲᠡᠶ ᠶᠠᠪᠣᠵᠤ ᠢᠷᠡᠭ᠍ᠰᠡᠨ

ᠪᠢ ᠪᠣᠯ ᠮᠠᠯᠴᠢᠨ ᠭᠦᠮᠤᠨ

ᠭᠦᠳᠡᠭᠡ ᠴᠡᠩᠭᠡᠷ ᠨᠤᠳᠤᠭ ᠳᠡᠭᠡᠷ᠎ᠡ ᠪᠠᠨ

ᠰᠥᠷᠦᠭ᠌ ᠬᠠᠷᠢᠭᠤᠯᠵᠤ ᠰᠠᠭᠤᠭ᠎ᠠ

ᠪᠢ ᠪᠣᠯ ᠮᠠᠯᠴᠢᠨ ᠭᠦᠮᠤᠨ

ᠥᠡᠳᠡᠭᠡᠨ ᠴᠠᠭᠠᠨ ᠭᠡᠷ ᠤᠨ ᠶᠢᠡᠨ ᠳᠤᠳᠤᠷ᠎ᠠ

ᠥᠳᠦᠭ᠌ ᠳᠦᠯᠡᠭᠡ ᠪᠠᠨ ᠦᠷᠳᠠᠵᠤ

ᠦᠨᠳᠦᠷ ᠭᠦᠭᠡ ᠠᠭᠤᠯᠠᠰ ᠤᠨ ᠶᠢᠡᠨ ᠬᠤᠷᠮᠤᠢ ᠪᠠᠷ

ᠣᠳᠤᠷ ᠨᠡᠭᠦᠳᠡᠯ ᠥᠷᠭᠦᠯᠵᠢᠯᠡᠭᠦᠯᠵᠤ ᠶᠠᠪᠣᠵᠤ ᠳᠠᠭᠠᠨ

ᠭᠡᠭᠡᠷ᠎ᠡ ᠶᠢᠨ ᠨᠠᠷᠠ ᠪᠠᠨ ᠡᠭᠦᠷᠦᠭᠡᠤᠨ

ᠭᠡᠷ ᠲᠡᠭᠡᠨ ᠬᠠᠷᠢᠭᠰᠠᠨ ᠭᠦᠮᠤᠨ ᠪᠣᠯ ᠪᠢ

ᠭᠡᠷᠭᠡᠢ ᠶᠢᠨ ᠶᠢᠡᠨ ᠴᠠᠢ ᠳᠤ ᠳᠠᠪᠳᠤᠵᠤ

ᠭᠡᠯᠡ ᠨᠠᠢ᠌ᠷᠠᠭ ᠲᠡᠶ ᠬᠤᠨᠤᠭᠰᠠᠨ ᠭᠦᠮᠤᠨ ᠪᠣᠯ ᠪᠢ

ᠢᠰᠡᠭᠡᠢ ᠭᠡᠷ ᠲᠤ ᠮᠢᠨᠢ

ᠰᠢᠮ᠎ᠠ ᠶᠢᠨ ᠰᠠᠢ᠌ᠬᠠᠨ ᠪᠣᠷᠤ ᠬᠤᠭᠤᠯᠠ ᠬᠠᠩᠬᠤᠯᠵᠤ ᠪᠠᠢ᠌ᠳᠠᠭ ᠲᠤ

ᠢᠰᠡᠭᠡᠢ ᠭᠡᠷ ᠲᠤ ᠮᠢᠨᠢ

ᠰᠠᠤᠠᠭᠢᠯ ᠤᠨ ᠰᠠᠢ᠌ᠬᠠᠨ ᠴᠠᠢ᠌ᠯᠭᠠᠨ ᠵᠠᠩ ᠴᠠᠯᠭᠢᠯᠠᠵᠤ ᠪᠠᠢ᠌ᠳᠠᠭ ᠲᠤ

ᠶᠠᠪᠣᠭᠤᠯ ᠤᠨ ᠭᠦᠮᠤᠨ ᠡᠭᠦᠳᠡ ᠭᠦᠡᠳᠡᠯᠡᠨ ᠭᠠᠷᠳᠠᠭ ᠦᠭᠡᠶ ᠭᠡᠵᠤ

ᠶᠠᠳᠠᠷ ᠳᠤᠷᠤᠢ ᠣᠯᠤᠰ ᠡᠷᠦᠭᠡ ᠡᠷᠭᠦᠨ ᠵᠢᠷᠭᠠᠳᠠᠭ ᠭᠡᠵᠤ

ᠮᠠᠯᠴᠢᠨ ᠪᠢ ᠮᠢᠬ᠎ᠠ ᠱᠦᠯᠦ ᠪᠠᠨ ᠭᠠᠷᠭᠠᠵᠤ ᠶᠠᠪᠣᠳᠠᠭ

ᠮᠠᠯᠴᠢᠨ ᠪᠢ ᠮᠠᠢ᠌ᠬᠠᠨ ᠭᠡᠷ ᠶᠢᠡᠨ ᠨᠡᠭᠡᠭᠡᠵᠤ ᠶᠠᠪᠣᠳᠠᠭ

ᠭᠠᠢ᠌ᠯᠢ ᠳᠠᠳᠠᠪᠣᠷᠢ ᠭᠡᠤᠨ ᠰᠠᠯᠭᠢᠯᠠᠵᠤ ᠪᠠᠭᠤᠳᠠᠭ

ᠭᠠᠮᠪᠣ ᠨᠡᠷ ᠶᠢᠡᠨ ᠭᠦᠷᠳᠡᠯ᠎ᠡ ᠮᠠᠯᠴᠢᠨ ᠪᠢ ᠭᠦᠷᠢᠶᠡᠯᠡᠳᠡᠭ᠌ ᠶᠤᠮ

ᠭᠠᠮᠰᠢᠭ ᠵᠤᠳ ᠭᠡᠤᠨ ᠵᠤᠪᠠᠵᠤ ᠶᠠᠪᠣᠳᠠᠭ

ᠭᠠᠵᠠᠷ ᠳᠡᠭ᠍ᠷᠢ ᠪᠠᠨ ᠮᠠᠯᠴᠢᠨ ᠪᠢ ᠬᠠᠷᠢᠶᠠᠳᠠᠭ ᠦᠭᠡᠶ ᠶᠤᠮ

ᠴᠠᠭ ᠤᠨ ᠰᠠᠯᠭᠢᠨ ᠳᠤ ᠳᠤᠭᠤᠰᠤᠷᠠᠬᠤ ᠨᠤᠳᠤᠭ ᠶᠢᠡᠨ ᠥᠵᠡᠭᠡᠤᠨ

ᠨᠢᠯᠪᠣᠰᠤ ᠢᠨᠢᠶᠠᠳᠤ ᠲᠡᠶ ᠶᠠᠪᠣᠳᠠᠭ

ᠮᠠᠯᠴᠢᠨ ᠨᠠᠮᠢ᠋ᠢ ᠭᠦᠭᠡᠷᠦᠭᠦᠢ ᠭᠡᠭᠦ ᠶᠤᠮ

ᠴᠠᠯ ᠪᠣᠭᠤᠷᠤᠯ ᠡᠵᠢ ᠶᠢᠨ ᠶᠢᠡᠨ ᠡᠮᠦᠨ᠎ᠡ

ᠨᠢᠯᠬ᠎ᠠ ᠶᠠᠩᠵᠤ ᠪᠠᠷ ᠳᠤᠮᠤᠭᠠᠵᠢᠭᠠᠤᠨ

ᠴᠠᠰᠤ ᠰᠢᠭᠤᠷᠭᠠᠨ ᠳᠤ ᠠᠮᠢᠳᠤᠷᠠᠳᠠᠭ

ᠮᠠᠯᠴᠢᠨ ᠨᠠᠮᠢ᠋ᠢ ᠪᠠᠭᠠᠳᠤᠷ ᠴᠤ ᠭᠡᠮᠡᠭᠦ ᠶᠤᠮ

ᠭᠦᠮᠦᠰ ᠤᠨ ᠭᠡᠯᠡᠳᠡᠭ᠌

ᠳᠤᠰᠤᠨ ᠦᠨᠦᠷ ᠲᠡᠶ ᠳᠤᠭᠤᠰᠤᠨ ᠴᠢᠷᠠᠢ ᠲᠡᠶ ᠭᠡᠭ᠍ᠴᠢ ᠨᠢ

ᠮᠠᠯᠴᠢᠨ ᠭᠦᠮᠤᠨ ᠪᠢ ᠶᠤᠮ

ᠭᠦᠯᠦᠭ᠌ ᠮᠤᠷᠢᠳ ᠤᠨ ᠡᠷᠭᠢᠴᠡᠳᠡᠭ᠌

ᠳᠡᠭᠡᠰᠤᠨ ᠭᠠᠳᠠᠰᠤ ᠳᠠᠯᠳᠠᠷ ᠳᠤᠬᠤᠮ ᠭᠡᠭ᠍ᠴᠢ ᠨᠢ ᠴᠤ

ᠮᠠᠯᠴᠢᠨ ᠭᠦᠮᠤᠨ ᠪᠢ ᠶᠤᠮ

ᠪᠠᠯᠴᠢᠭᠡᠷ ᠨᠤᠳᠤᠭ ᠡᠴᠡ ᠪᠠᠨ ᠵᠠᠢ᠌ᠳᠠᠵᠤ ᠴᠢᠳᠠᠭ᠎ᠠ ᠦᠭᠡᠶ

ᠪᠠᠭᠡᠵᠢᠩ ᠳᠢᠶᠠᠠᠵᠢᠨ ᠶᠢᠡᠨ ᠵᠡᠭᠦᠳᠦᠯᠡᠵᠤ ᠬᠤᠨᠤᠳᠠᠭ

ᠮᠠᠯᠴᠢᠨ ᠪᠢ ᠭᠦᠰᠡᠭᠦᠢᠴᠢ ᠪᠠᠢ᠌ᠳᠠᠭ ᠶᠤᠮ

ᠪᠠᠷᠭᠡ ᠰᠠᠭᠠᠤᠨ ᠢ ᠪᠣᠰᠤᠳ ᠲᠤ ᠳᠦᠯᠭᠢᠭᠦ ᠦᠭᠡᠶ

ᠪᠠᠶ᠎ᠠ ᠰᠠᠤᠠᠭᠢᠯ ᠶᠢᠡᠨ ᠵᠥᠳᠡᠭᠡᠵᠤ ᠶᠠᠪᠣᠳᠠᠭ

ᠮᠠᠯᠴᠢᠨ ᠪᠢ ᠴᠠᠢ᠌ᠯᠭᠠᠨ ᠪᠠᠢ᠌ᠳᠠᠭ ᠶᠤᠮ

ᠰᠢᠷᠠᠯᠵᠢ ᠳᠤ ᠳᠦᠩᠭᠡᠯᠡᠭ᠍ᠳᠡᠭ᠍ᠰᠡᠨ ᠭᠦᠳᠡᠭᠡ ᠨᠤᠳᠤᠭ ᠮᠢᠨᠢ

ᠰᠢᠷᠬ᠎ᠠ ᠪᠠᠨ ᠳᠠᠷᠤᠨ ᠶᠤᠤᠯᠠᠬᠤ ᠪᠠᠷ

ᠰᠠᠢ᠌ᠬᠠᠨ ᠰᠠᠨᠠᠭᠠᠨ ᠤ ᠴᠢᠰᠤ ᠦᠭᠡᠶ ᠥᠭᠦᠯ ᠪᠣᠯᠵᠤ

ᠮᠠᠯᠴᠢᠨ ᠪᠢ ᠵᠠᠭᠤᠷᠮᠠᠭ ᠬᠠᠯᠢᠳᠠᠭ ᠶᠤᠮ

ᠰᠠᠠᠰᠠᠷ ᠣᠭᠳᠠᠷᠭᠤᠢ ᠶᠢᠨ ᠪᠣᠮᠠᠨ ᠣᠳᠤᠳ ᠶᠢᠡᠷ

ᠰᠥᠷᠦᠭ᠌ ᠶᠢᠡᠨ ᠭᠡᠮᠵᠢᠵᠤ ᠶᠠᠪᠣᠬᠤ ᠪᠠᠷ

ᠰᠠᠷᠠᠭᠤᠯ ᠨᠤᠳᠤᠭ ᠤᠨ ᠶᠢᠡᠨ ᠭᠡᠷᠡᠯ ᠭᠡᠭᠡ ᠪᠣᠯᠵᠤ

ᠮᠠᠯᠴᠢᠨ ᠪᠢ ᠪᠠᠶᠠᠨ ᠠᠮᠢᠳᠤᠷᠠᠳᠠᠭ ᠶᠤᠮ

ᠣᠯᠠᠭᠠᠨ ᠰᠢᠷᠭᠠᠯ ᠴᠠᠢ ᠪᠠᠨ ᠣᠭᠤᠴᠢᠵᠤ ᠰᠠᠭᠤᠬᠤ ᠪᠠᠷ

ᠮᠠᠯᠴᠢᠨ ᠪᠢ ᠪᠣᠳᠤᠯ ᠨᠢᠭᠡ ᠠᠪᠳᠠᠭ ᠶᠤᠮ

ᠠᠭᠤᠳᠠᠮ ᠭᠦᠳᠡᠭᠡ ᠨᠤᠳᠤᠭ ᠶᠢᠡᠷ ᠶᠢᠡᠨ ᠳᠠᠪᠭᠢᠵᠤ ᠶᠠᠪᠣᠬᠤ ᠪᠠᠷ

ᠮᠠᠯᠴᠢᠨ ᠪᠢ ᠰᠠᠤᠠᠭᠢᠯ ᠨᠢᠭᠡ ᠰᠡᠷᠭᠦᠳᠡᠭ᠌ ᠶᠤᠮ

ᠳᠠᠷᠠᠭ ᠠᠢ᠌ᠷᠠᠭ ᠳᠤᠰᠤ ᠴᠦᠷᠮ᠎ᠠ

ᠳᠠᠩᠬᠠᠭ ᠰᠠᠪᠠ ᠶᠢᠨ ᠠᠮᠠ ᠪᠠᠷ ᠭᠡᠵᠢᠶᠡᠳᠡ ᠭᠤᠭᠤᠵᠢᠵᠤ

ᠮᠢᠨᠤ ᠮᠠᠯᠴᠢᠨ ᠠᠬᠤᠢ ᠳᠠᠩᠰᠤᠭ ᠪᠠᠢ᠌ᠳᠠᠭ ᠶᠤᠮ

ᠳᠠᠪᠤᠨ ᠬᠤᠰᠢᠭᠤᠨ ᠮᠠᠯ ᠰᠥᠷᠦᠭ᠌

ᠳᠠᠯ᠎ᠠ ᠳᠦᠭᠦᠷᠡᠩ ᠢᠷᠠᠢ᠌ᠨ ᠪᠠᠯᠴᠢᠵᠤ

ᠮᠢᠨᠤ ᠮᠠᠯᠴᠢᠨ ᠣᠯᠠᠷᠢᠯ ᠰᠠᠢ᠌ᠬᠠᠨ ᠪᠠᠢ᠌ᠳᠠᠭ ᠶᠤᠮ

ᠡᠮᠡᠭᠡᠯ ᠤᠨ ᠶᠢᠡᠨ ᠡᠯᠢᠭᠡ ᠶᠢ ᠡᠷᠭᠢᠭᠦᠯᠵᠤ ᠬᠠᠶᠠᠳᠠᠭ ᠦᠭᠡᠶ

ᠡᠷᠡᠰ ᠴᠢᠩᠭ᠋᠎ᠠ ᠵᠠᠩ ᠲᠡᠶ

ᠬᠠᠵᠠᠭᠠᠷ ᠨᠤᠭᠳᠤ ᠪᠠᠨ ᠬᠠᠭᠠᠯᠭ᠎ᠠ ᠠᠯᠳᠠᠯᠠᠭᠤᠯᠳᠠᠭ ᠦᠭᠡᠶ

ᠬᠠᠳᠠᠭᠤ ᠪᠠᠳᠤ ᠶᠤᠰᠤ ᠲᠡᠶ

ᠴᠢᠳᠤᠷ ᠳᠤᠱᠠ ᠪᠠᠷ ᠶᠢᠡᠨ ᠳᠤᠬᠤᠮ ᠳᠠᠩ ᠳᠠᠳᠠᠳᠠᠭ ᠦᠭᠡᠶ

ᠴᠢᠩᠭ᠋᠎ᠠ ᠭᠡᠴᠡᠭᠦᠤ ᠳᠦᠷᠢᠮ ᠲᠡᠶ

ᠳᠡᠭ᠍ᠷᠢ ᠳᠡᠭᠡᠳᠦᠰ ᠤᠨ ᠶᠢᠡᠨ ᠰᠦᠨ ᠴᠠᠭᠠᠨ ᠶᠤᠰᠤᠨ ᠳᠤ ᠨᠠᠮᠠᠠᠴᠢᠯᠠᠬᠤ

ᠳᠡᠯᠭᠡᠷ ᠬᠤᠷᠸ᠎ᠠ ᠶᠢᠨ ᠨᠠᠷᠠᠨ ᠤ ᠪᠣᠷᠤ ᠮᠠᠯᠴᠢᠨ ᠪᠢ ᠶᠤᠮ

ᠴᠠᠰᠤ ᠪᠣᠷᠤᠭ᠎ᠠ᠂ ᠨᠠᠷᠠ ᠰᠠᠯᠭᠢ

ᠮᠤᠷᠢᠨ ᠳᠠᠯ ᠳᠡᠭᠡᠷ᠎ᠡ ᠮᠢᠨᠢ ᠱᠤᠤᠭᠢᠵᠤ

ᠴᠠᠢ᠌ᠳᠠᠮ ᠨᠤᠳᠤᠭ ᠭᠦᠷᠡᠩ ᠠᠭᠤᠯᠠᠰ

ᠮᠤᠩᠭ᠋ᠤᠯ ᠭᠤᠳᠤᠯ ᠳᠤ ᠮᠢᠨᠢ ᠳᠠᠮᠠᠭᠠᠯᠠᠭᠳᠠᠬᠤ ᠳᠤ

ᠪᠢ ᠪᠣᠯ ᠶᠡᠭᠡ ᠳᠡᠯᠡᠭᠡᠢ ᠶᠢᠨ ᠡᠵᠡᠨ ᠭᠦᠮᠤᠨ ᠪᠠᠢ᠌ᠭᠰᠠᠨ

ᠪᠢ ᠪᠣᠯ ᠡᠨᠡ ᠵᠠᠶᠠᠭᠠᠨ ᠤ ᠮᠠᠯᠴᠢᠨ ᠭᠦᠮᠤᠨ ᠪᠠᠢ᠌ᠭᠰᠠᠨ᠃

ᠵᠤᠬᠢᠶᠠᠭᠴᠢ᠄ ᠪᠠ᠊·ᠪᠠᠯᠮᠠᠳᠤᠷᠵᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3822
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ