☆ ᠪᠣᠷᠵᠢᠭᠢᠨ·ᠮᠥᠩᠭᠡᠤ᠋ᠳᠽᠡᠷ
ᠨᠤᠳᠤᠭ ᠤᠨ ᠠᠭᠤᠯᠠ᠂ ᠨᠤᠳᠤᠭ ᠤᠨ ᠭᠤᠤᠯ
ᠡᠪᠦᠭᠡᠨ ᠪᠣᠭᠤᠷᠤᠯ ᠬᠠᠢ᠌ᠷᠠᠬᠠᠨ
ᠪᠣᠳᠠᠩ ᠮᠠᠨᠠᠨ ᠳᠤᠮᠳᠠ ᠪᠠᠨ
ᠰᠥᠪᠠᠭᠡ ᠳᠤᠯᠵᠤ ᠵᠤᠭᠰᠤᠭᠰᠠᠨ
ᠪᠣᠷᠤᠭᠤᠯ ᠬᠤᠷᠸ᠎ᠠ ᠶᠢᠨ ᠳᠡᠦᠭᠡ ︕
ᠨᠤᠳᠤᠭ ᠤᠨ ᠦᠨᠳᠦᠷ ᠠᠭᠤᠯᠠᠰ ᠮᠢᠨᠢ᠂
ᠪᠣᠳᠤᠵᠤ ᠰᠠᠨᠠᠭᠰᠠᠨ ᠰᠡᠳᠭᠢᠯ ᠳᠤ
ᠡᠴᠢᠭᠡ ᠶᠢᠨ ᠰᠦᠷᠳᠠᠢ ᠰᠡᠭᠦᠢ᠌ᠭ᠍ᠰᠡᠨ
ᠪᠣᠷᠬᠠᠨ ᠳᠡᠭ᠍ᠷᠢ ᠶᠢᠨ ᠭᠡᠰᠢᠭ᠌ ᠲᠡᠶ
ᠡᠪᠦᠭᠡᠨ ᠪᠣᠭᠤᠷᠤᠯ ᠬᠠᠢ᠌ᠷᠠᠬᠠᠨ ᠮᠢᠨᠢ᠂
ᠬᠤᠷᠠᠭᠠᠨ ᠴᠠᠭᠠᠨ ᠡᠭᠦᠯᠡᠰ ᠶᠢᠡᠷ
ᠪᠦᠰᠡᠯᠡᠭᠦᠷ ᠳᠠᠷᠤᠨ ᠡᠮᠵᠢᠶᠡᠷᠢᠯᠡᠵᠤ᠂
ᠬᠤᠰᠤ᠂ ᠣᠯᠢᠶᠠᠰᠤ᠂ ᠪᠣᠷᠭᠠᠰᠤ ᠪᠠᠷ
ᠨᠠᠮᠠᠭ᠎ᠠ ᠬᠤᠯᠪᠤᠨ ᠯᠠᠪᠠᠷᠢᠯᠠᠭᠰᠠᠨ᠂
ᠦᠷᠠᠯ᠂ ᠮᠣᠢ᠌ᠯ᠂ ᠳᠤᠯᠤᠨᠤ
ᠡᠰᠢ ᠪᠠᠨ ᠳᠠᠷᠤᠨ ᠮᠥᠡᠴᠦᠭᠡᠨᠡᠵᠤ᠂
ᠦᠪᠣᠷ᠂ ᠠᠷᠤ ᠳᠠᠯ᠎ᠠ ᠡᠴᠡ ᠪᠠᠨ
ᠷᠠᠰᠢᠶᠠᠨ ᠪᠣᠯᠠᠭ ᠣᠷᠭᠢᠯᠠᠭᠤᠯᠤᠭᠰᠠᠨ᠂
ᠦᠨᠳᠦᠷ ᠣᠷᠭᠢᠯ ᠳ᠋ᠤᠨᠢ ᠮᠠᠴᠤᠪᠠᠯ
ᠦᠯᠮᠠᠢ ᠶᠢ ᠳᠠᠷᠤᠭᠠᠤᠨ ᠡᠭᠦᠯᠡᠰ᠂
ᠡᠷᠭᠦᠵᠤ ᠨᠠᠮᠢ᠋ᠢ ᠴᠢᠳᠠᠳᠠᠭ ᠪᠣᠯ
ᠳᠡᠭ᠍ᠷᠢ ᠶᠢ ᠱᠥᠷᠭᠦᠭᠡᠭᠦ ᠳᠤ ᠭᠢᠯᠪᠠᠷᠬᠠᠨ᠂
ᠥᠵᠡᠭᠡᠳ ᠥᠵᠡᠭᠡᠳ ᠬᠠᠨᠤᠰᠢ ᠦᠭᠡᠶ
ᠪᠠᠶᠠᠨ ᠪᠠᠢ᠌ᠭᠠᠯᠠᠢ ᠶᠢᠨ ᠣᠷᠠᠯᠠᠯ᠂
ᠥᠷᠭᠦᠯᠵᠢ ᠴᠡᠭᠡᠵᠢᠨ ᠡᠴᠡ ᠭᠠᠷᠳᠠᠭ ᠦᠭᠡᠶ
ᠡᠪᠦᠭᠡᠨ ᠪᠣᠭᠤᠷᠤᠯ ᠬᠠᠢ᠌ᠷᠬᠠᠨ᠂
ᠡᠪᠦᠭᠡᠨ ᠰᠠᠪᠳᠠᠭ ᠲᠡᠶ ᠪᠣᠯᠬᠤᠷ ᠶᠢᠡᠷ ᠶᠢᠡᠨ
ᠡᠪᠦᠭᠡᠨ ᠪᠣᠭᠤᠷᠤᠯ ᠭᠡᠵᠤ ᠨᠠᠷᠠᠯᠠᠯᠠ ᠭᠡᠵᠢ᠂
ᠡᠷᠳᠡ ᠣᠵᠤᠭᠤᠷ ᠤᠨ ᠦᠶ᠎ᠡ ᠡᠴᠡ
ᠠᠷᠠᠤᠨ ᠤᠨ ᠳᠤᠮᠳᠠ ᠣᠯᠠᠮᠵᠢᠯᠠᠯ ᠲᠡᠶ ᠴᠤ᠂
ᠡᠪᠦᠭᠡᠨ ᠪᠣᠭᠤᠷᠤᠯ ᠬᠠᠢ᠌ᠷᠠᠬᠠᠨ ᠮᠢᠨᠢ
ᠥᠳᠡᠯᠡᠭᠦ ᠶᠢ ᠮᠡᠳᠡᠭᠦ ᠦᠭᠡᠶ ᠵᠠᠯᠠᠭᠤ ᠪᠠᠷ ᠶᠢᠡᠨ ᠪᠠᠢ᠌ᠨ᠎ᠠ᠂
ᠦᠪᠣᠷ ᠳ᠋ᠤᠨᠢ ᠨᠤᠳᠤᠭᠰᠢᠭᠰᠠᠨ ᠮᠠᠯᠴᠢᠨ ᠠᠷᠠᠤᠨ
ᠦᠶ᠎ᠡ ᠣᠯᠠᠮᠵᠢᠯᠠᠨ ᠳᠠᠭᠢᠭᠰᠠᠭᠠᠷ ᠪᠠᠢ᠌ᠨ᠎ᠠ᠂᠂
ᠶᠤᠯᠳᠤ ᠶᠢᠨ ᠭᠤᠤᠯ ᠤᠨ ᠣᠰᠤ
ᠦᠷ᠎ᠡ ᠪᠠᠨ ᠰᠠᠨᠠᠭᠠᠤᠨ ᠢᠪᠢᠯᠦᠭ᠍ᠰᠡᠨ
ᠡᠭᠡ ᠶᠢᠨ ᠴᠠᠭᠠᠨ ᠰᠥ᠋ ᠰᠢᠭ᠌᠂
ᠡᠷᠭᠢ ᠪᠠᠨ ᠳᠠᠭᠠᠵᠤ ᠮᠡᠯᠳᠡᠭᠡᠨᠡᠭ᠍ᠰᠡᠨ
ᠶᠤᠯᠳᠤ ᠶᠢᠨ ᠭᠤᠤᠯ ᠤᠨ ᠣᠰᠤ ᠡ᠂
ᠡᠭᠡ ᠳᠡᠯᠡᠭᠡᠢ ᠡᠴᠡ ᠣᠯᠤᠭᠰᠠᠨ
ᠠᠯᠢᠪᠠ ᠭᠡᠰᠢᠭ᠌ ᠪᠦᠭᠦᠨ ᠶᠢᠡᠨ᠂
ᠡ᠊ᠨᠳᠡᠭᠢ ᠶᠢᠨ ᠮᠠᠯᠴᠢᠳ ᠳᠠᠭᠠᠨ ᠢᠪᠠᠭᠡᠭ᠍ᠰᠡᠨ
ᠠᠷᠢᠭᠤᠨ ᠳᠤᠩᠭ᠋ᠠᠯᠠᠭ ᠭᠤᠷᠤᠬ᠎ᠠ ᠡ ︕
ᠪᠣᠷᠤᠭᠠᠨ᠂ ᠴᠠᠰᠤ ᠡᠭᠡᠯᠵᠢᠯᠡᠭ᠍ᠰᠡᠨ
ᠵᠢᠯ ᠤᠨ ᠳᠦᠷᠪᠡᠨ ᠣᠯᠠᠷᠢᠯ ᠳᠤ᠂
ᠪᠣᠷᠭᠢᠯᠠᠵᠤ ᠭᠠᠷᠬᠤ ᠪᠣᠯᠠᠭ ᠨᠢ
ᠪᠣᠯᠠᠭᠳᠠᠨᠠ ᠭᠡᠳᠡᠭ᠌ ᠢ ᠮᠡᠳᠡᠳᠡᠭ᠌ ᠦᠭᠡᠶ᠂
ᠪᠣᠳᠠᠩ ᠳᠤᠭᠤᠰᠤ ᠳᠡᠭ᠍ᠳᠡᠵᠤ
ᠡᠯᠡᠰᠤ ᠮᠠᠩᠬ᠎ᠠ ᠰᠢᠭᠤᠷᠠᠭᠰᠠᠨ ᠴᠤ᠂
ᠪᠣᠯᠤᠷ ᠳᠤᠩᠭ᠋ᠠᠯᠠᠭ ᠣᠷᠤᠰᠬᠠᠯ ᠨᠢ
ᠪᠣᠷᠵᠠᠭᠳᠠᠨᠠ ᠭᠡᠳᠡᠭ᠌ ᠢ ᠮᠡᠳᠡᠳᠡᠭ᠌ ᠦᠭᠡᠶ᠂
ᠨᠤᠮᠤᠬᠠᠨ ᠳᠠᠯᠠᠢ ᠲᠡᠶ ᠥᠯᠢᠦᠡᠭᠡᠪᠠᠯ
ᠨᠢᠯᠪᠣᠰᠤᠨ ᠳᠤᠰᠤᠯ ᠳᠡᠳᠥᠢᠭᠡᠨ ᠴᠤ᠂
ᠨᠤᠳᠤᠭ ᠤᠨ ᠭᠦᠮᠦᠰ ᠤᠨ ᠰᠡᠳᠭᠢᠯ ᠳᠤ ᠪᠣᠯ
ᠵᠢᠷᠦᠭᠡᠨ ᠤ ᠭᠢᠨᠢ ᠰᠤᠳᠠᠰᠤ ᠪᠢᠯᠠ᠂
ᠨᠡᠯᠦᠭᠡᠷ ᠮᠦᠷᠠᠨ ᠲᠡᠶ ᠠᠳᠠᠯᠢᠤᠠᠬᠠᠪᠠᠯ
ᠣᠢ᠌ᠯᠠᠰᠤᠬᠤ ᠳᠠᠪᠠᠯᠭᠠᠨ ᠪᠣᠰᠤᠭ᠎ᠠ ᠦᠭᠡᠶ ᠴᠤ᠂
ᠨᠤᠳᠤᠭ ᠤᠨ ᠮᠠᠯᠴᠢᠳ ᠤᠨ ᠰᠡᠳᠭᠢᠯ ᠳᠤ ᠪᠣᠯ
ᠨᠠᠢ᠌ᠷ ᠤᠨ ᠣᠷᠳᠤ ᠳᠠᠭᠤᠤ ᠨᠢ ᠪᠢᠯᠠ᠂
ᠡᠨᠡ ᠭᠤᠤᠯ ᠤᠨ ᠣᠰᠤ ᠪᠠᠷ
ᠣᠭᠢᠶᠠᠵᠤ ᠠᠪᠣᠭᠰᠠᠨ ᠬᠡᠦᠭᠡᠳ᠂
ᠡᠷᠳᠡᠮ ᠮᠡᠳᠡᠯᠭᠡ ᠰᠤᠷᠬᠤ ᠳᠤ
ᠣᠢ ᠪᠢᠯᠢᠭ᠌ ᠶᠢᠡᠷ ᠳᠤᠠᠳᠠᠷᠠᠳᠠᠭ ᠦᠭᠡᠶ᠂
ᠡᠨᠡ ᠭᠤᠤᠯ ᠤᠨ ᠣᠰᠤ ᠶᠢ
ᠣᠤᠭᠤᠵᠤ ᠥᠰᠦᠭ᠍ᠰᠡᠨ ᠭᠦᠮᠦᠰ᠂
ᠣᠢ᠌ᠯᠠᠰ ᠤᠨ ᠰᠠᠢ᠌ᠬᠠᠨ ᠢ ᠪᠦᠳᠦᠭᠡᠭᠦ ᠳᠤ
ᠣᠷᠠᠢ ᠴᠢᠳᠠᠯ ᠶᠢᠡᠷ ᠳᠤᠳᠠᠳᠠᠭ ᠦᠭᠡᠶ᠂
ᠦᠷ᠎ᠡ ᠪᠠᠨ ᠰᠠᠨᠠᠭᠠᠤᠨ ᠢᠪᠢᠯᠦᠭ᠍ᠰᠡᠨ᠂
ᠡᠭᠡ ᠶᠢᠨ ᠴᠠᠭᠠᠨ ᠰᠥ᠋ ᠰᠢᠭ᠌᠂
ᠡᠷᠭᠢ ᠪᠠᠨ ᠳᠠᠭᠠᠭᠠᠤᠨ ᠮᠢᠷᠠᠯᠵᠢᠭᠰᠠᠨ
ᠶᠤᠯᠳᠤ ᠶᠢᠨ ᠭᠤᠤᠯ ᠤᠨ ᠣᠰᠤ ᠡ ︕
ᠡᠭᠡ ᠳᠡᠯᠡᠭᠡᠢ ᠡᠴᠡ ᠣᠯᠤᠭᠰᠠᠨ
ᠠᠯᠢᠪᠠ ᠭᠡᠰᠢᠭ᠌ ᠪᠦᠭᠦᠨ ᠶᠢᠡᠨ᠂
ᠡ᠊ᠨᠳᠡᠭᠢ ᠶᠢᠨ ᠮᠠᠯᠴᠢᠳ ᠳᠠᠭᠠᠨ ᠢᠪᠠᠭᠡᠭ᠍ᠰᠡᠨ᠂
ᠠᠴᠢ ᠲᠡᠶ᠂ ᠬᠠᠢ᠌ᠷ᠎ᠠ ᠲᠡᠶ ᠭᠤᠷᠤᠬ᠎ᠠ ᠡ ︕
200 12 3
ᠵᠤᠬᠢᠶᠠᠭᠴᠢ ᠶᠢᠨ ᠬᠠᠶᠢᠭ ᠄ ᠪᠠᠭᠡᠵᠢᠩ ᠬᠤᠳᠠ ᠶᠢᠨ ᠨᠠᠢ᠌ᠷᠠᠯᠳᠤ ᠨᠠᠢ᠌ᠷᠠᠮᠳᠠᠬᠤ ᠰᠦᠮ᠎ᠡ 12 ᠨᠤᠮᠸᠷ
ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3113
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ