ᠨᠡᠪᠲᠡᠷᠡᠨ ᠤᠷᠤᠬᠤ
ᠮᠢᠨᠤ ᠭᠦᠭᠡᠷᠦᠭᠦᠢ ᠮᠤᠩᠭ᠋ᠤᠯ ᠳᠤᠰᠬᠤ ᠮᠢᠨᠢ

1

ᠨᠠᠷᠠᠨ ᠰᠠᠷᠠᠨ ᠭᠡᠷᠡᠯ ᠵᠤᠭᠢᠴᠠᠯᠳᠠᠭᠤ᠂ ᠠᠭᠠᠷ ᠠᠮᠢᠰᠬᠤᠯ ᠳᠠᠭᠠᠯᠠᠮᠵᠢᠳᠠᠢ

ᠨᠠᠪᠴᠢ ᠴᠡᠴᠡᠭ᠌ ᠳᠡᠯᠭᠡᠷ ᠨᠠᠢ᠌ᠷᠠᠮᠳᠠᠭᠤ᠂ ᠵᠥᠭᠡᠢ ᠪᠣᠯᠵᠤᠮᠤᠷ ᠴᠡᠩᠭᠡᠯᠳᠡᠢ

ᠨᠠᠭᠤᠷ ᠪᠦᠷᠢᠳᠤ ᠪᠣᠯᠠᠭ ᠭᠤᠷᠤᠬ᠎ᠠ᠂ ᠴᠢᠭᠢᠭ᠌ ᠰᠢᠮ᠎ᠠ ᠶᠢᠨ ᠣᠠᠳᠤᠷᠤᠯ ᠲᠡᠶ

ᠨᠤᠭᠤᠰᠤ ᠭᠠᠯᠠᠭᠤ ᠵᠢᠭᠠᠰᠤ ᠮᠡᠯᠡᠭᠡᠢ᠂ ᠣᠰᠤᠨ ᠤ ᠳᠤᠩᠭ᠋ᠠᠯᠠᠭ ᠨᠠᠷᠭᠢᠶᠠᠨ ᠳᠠᠢ

ᠨᠠᠮᠤᠭ ᠱᠠᠩᠳᠠ ᠰᠠᠢ᠌ᠷ ᠴᠠᠢ᠌ᠳᠠᠮ ᠳᠠᠭᠠᠨ ᠵᠡᠭᠡᠰᠤ ᠬᠤᠯᠤᠰᠤᠨ ᠤ ᠨᠠᠢ᠌ᠭᠤᠭᠠᠨ ᠳᠠᠢ

ᠨᠠᠮᠬᠠᠨ ᠳᠡᠨᠢᠭᠦᠨ ᠭᠤᠪᠢ ᠭᠦᠡᠳᠡᠢ ᠳᠡᠭᠡᠨ ᠭᠢᠶᠠᠭ ᠭᠢᠯᠭᠠᠨ᠎ᠠ ᠶᠢᠨ ᠬᠠᠯᠢᠭᠤᠷᠠᠭᠠᠨ ᠳᠠᠢ

ᠨᠠᠯᠠᠭᠠᠷ ᠳᠡᠨᠢᠭᠡᠷ ᠳᠠᠯ᠎ᠠ ᠳᠠᠠᠵᠢ ᠨᠢ ᠦᠩ ᠰᠢᠮᠡᠯᠢᠭ᠌ ᠪᠠᠯᠴᠢᠭᠡᠷ ᠳᠠᠢ

ᠨᠠᠮ ᠦᠨᠳᠦᠷ ᠭᠦᠳᠦᠯ ᠭᠦᠪᠠᠷᠴᠡᠭ᠌ ᠲᠡᠭᠡᠨ ᠦᠨᠢᠷ ᠳᠠᠷᠭᠤᠨ ᠰᠥᠷᠦᠭ᠌ ᠲᠡᠶ

ᠬᠠᠢ᠌ᠯᠠᠰᠤ ᠭᠦᠢᠯᠡᠰᠤ ᠬᠠᠷᠭᠠᠨ᠎ᠠ ᠪᠣᠷᠭᠠᠰᠤ ᠠᠮᠢᠯᠠᠯ ᠤᠨ ᠨᠤᠭᠤᠭᠠᠨ ᠪᠦᠷᠭᠦᠪᠴᠢ ᠳᠠᠢ

ᠬᠤᠠᠳᠠᠷ ᠣᠳᠠ ᠴᠠᠷᠠᠰᠤ ᠽᠠᠠᠳᠠᠨ ᠨᠥᠭᠡᠴᠡ ᠪᠠᠶᠠᠯᠢᠭ ᠣᠢ ᠳᠠᠢ

ᠬᠠᠪᠣᠷ ᠵᠤᠨ ᠨᠠᠮᠤᠷ ᠡᠪᠦᠯ ᠠᠭᠤᠯᠭ᠎ᠠ ᠪᠠᠶᠠᠨ ᠣᠯᠠᠷᠢᠯ ᠲᠡᠶ

ᠬᠠᠯᠠᠭᠤᠨ ᠳᠤᠯᠠᠭᠠᠨ ᠭᠦᠢᠳᠡᠨ ᠰᠡᠷᠢᠭᠦᠨ ᠡᠭᠦᠯᠡ ᠰᠠᠯᠭᠢᠨ ᠰᠤᠯᠢᠪᠴᠠᠯ ᠳᠠᠢ

ᠦᠷ ᠤᠨ ᠭᠢᠷᠠᠭ᠎ᠠ ᠰᠤᠪᠣᠷᠠᠬᠤ ᠪᠦᠷᠢ ᠳᠤ ᠠᠢ᠌ᠷᠠᠭ ᠰᠦ᠋ ᠶᠢᠨ ᠠᠩᠭᠢᠯᠤᠯ ᠳᠠᠢ

ᠦᠳᠡᠰᠢ ᠶᠢᠨ ᠪᠦᠷᠦᠢ ᠰᠢᠷᠭᠠᠯᠳᠤᠬᠤ ᠳᠤᠳᠤᠮ ᠳᠤ ᠢᠰᠢᠭᠡ ᠬᠤᠷᠠᠭ᠎ᠠ ᠶᠢᠨ ᠮᠠᠢ᠌ᠯᠠᠭᠠᠨ ᠳᠠᠢ

ᠥᠭ᠍‍ᠭᠢᠶᠡᠮᠦᠷ ᠬᠤᠷ᠎ᠠ ᠶᠢᠨ ᠰᠢᠪᠠᠷᠡᠭᠡᠨ ᠳᠤᠮᠳᠠ ᠦᠷ᠎ᠡ ᠵᠢᠮᠢᠰ ᠤᠨ ᠪᠦᠩᠵᠢᠭᠢᠨᠡᠨ ᠲᠡᠶ

ᠦᠯᠴᠢᠷ ᠭᠢᠷᠠᠭᠤ ᠶᠢᠨ ᠭᠢᠯᠠᠰᠤᠭᠠᠨ ᠳᠠᠭᠠᠵᠤ ᠬᠠᠳᠤᠯᠠᠩ ᠤᠨ ᠪᠠᠶᠠᠨ ᠳᠠᠭᠤᠯᠠᠯ ᠳᠠᠢ

ᠳᠤᠯᠭ᠎ᠠ ᠳᠠᠭᠠᠨ ᠮᠠᠨᠠᠭᠰᠠᠨ ᠠᠷᠭᠠᠯ ᠤᠨ ᠭᠠᠯ ᠥᠯᠦᠭᠡᠢ ᠳᠤᠯᠠᠭᠠᠯᠠᠭᠰᠠᠨ ᠭᠤᠯᠤᠮᠳᠠ ᠳᠠᠢ

ᠳᠤᠰᠤ ᠬᠠᠯᠭᠢᠯᠠᠭᠰᠠᠨ ᠮᠠᠯᠵᠢᠬᠤ ᠰᠤᠶᠤᠯ ᠦᠪᠯᠠᠵᠤ ᠭᠦᠷᠳᠡᠭ᠍ᠰᠡᠨ ᠠᠮᠢᠳᠤᠷᠠᠯ ᠳᠠᠢ

ᠬᠤᠷᠸ᠎ᠠ ᠳᠡᠯᠡᠭ᠍ᠰᠡᠨ ᠠᠭᠤᠳᠠᠮ ᠵᠠᠢ᠌ᠴᠠ ᠊᠊᠊᠊᠊᠊᠊᠊᠊᠊᠊᠊᠊᠊᠊ ᠬᠤᠷᠴᠢᠨ ᠵᠢᠷᠢᠮ ᠤᠨ ᠴᠢᠭᠤᠯᠭᠠᠨ

ᠭᠦᠪᠴᠢᠨ ᠳᠡᠯᠡᠭᠡᠢ ᠳᠤ ᠳᠠᠭᠤᠤ ᠲᠡᠶ ᠣᠶᠠᠩᠭ᠋ᠠᠷᠠᠭᠰᠠᠨ ᠮᠤᠩᠭ᠋ᠤᠯ ᠭᠦᠮᠤᠨ ᠤ ᠨᠤᠳᠤᠭ

ᠭᠦᠮᠤᠨ ᠠᠷᠠᠤᠨ ᠨᠢ ᠰᠡᠳᠭᠢᠯ ᠬᠠᠩᠬᠠᠯᠠᠭᠤᠨ ᠮᠤᠩᠭ᠋ᠤᠯ ᠳᠤᠰᠬᠤ ᠶᠢᠨ ᠨᠢᠭᠡ

ᠭᠦᠤ ᠨᠠᠳᠠ ᠪᠠᠨ ᠡᠪᠠᠢ᠌ᠯᠡᠨ ᠬᠠᠭᠤᠷᠠᠢ᠌ᠯᠠᠭᠰᠠᠨ ᠡᠯᠢᠭᠡᠨ ᠬᠠᠯᠠᠭᠤᠨ ᠰᠢᠷᠤᠢ

ᠭᠦᠭ᠍ᠵᠢᠯ ᠪᠠᠳᠠᠷᠠᠯ ᠤᠨ ᠳᠤᠤᠯᠢ ᠬᠠᠩᠭᠢᠨᠠᠭᠰᠠᠨ ᠮᠢᠨᠤ ᠮᠤᠩᠭ᠋ᠤᠯ ᠨᠤᠳᠤᠭ ᠮᠢᠨᠢ ᠁

2

ᠭᠠᠯᠪᠠ ᠶᠢ ᠰᠢᠨ᠎ᠠ ᠪᠠᠷ ᠴᠤᠭᠴᠠᠯᠠᠬᠤ ᠳᠤ 《ᠭᠠᠵᠠᠷ ᠰᠢᠷᠤᠢ》 ᠡᠴᠡ ᠡᠭᠢᠯᠡᠵᠤ

ᠭᠠᠴᠠᠭ᠎ᠠ ᠳᠤᠰᠬᠤ ᠪᠠᠢ᠌ᠭᠤᠯᠤᠨ 《ᠬᠠᠮᠳᠤᠷᠠᠯ》 ᠊ᠢ ᠪᠠᠶᠡᠯᠡᠭᠦᠯᠵᠤ ᠰᠠᠭᠤᠷᠢᠰᠢᠭᠠᠤᠨ

ᠬᠤᠪᠢᠰᠬᠠᠯ ᠤᠨ ᠣᠷᠢᠶ᠎ᠠ ᠬᠠᠰᠭᠢᠷᠴᠠᠭᠠᠨ 《ᠶᠡᠭᠡ ᠰᠤᠶᠤᠯ》 ᠵᠢᠡᠷ ᠭᠦᠯ ᠠᠯᠳᠠᠵᠤ

《ᠭᠦᠷᠦᠩᠭᠡᠳᠡᠨ ᠤ ᠰᠡᠭᠦᠯ》 ᠣᠭᠳᠤᠯᠵᠠᠭᠠᠨ ᠨᠢᠭᠡᠳᠦᠯᠵᠢᠨ ᠡᠪ ᠬᠠᠮᠳᠤᠵᠢᠵᠤ

ᠳ᠋ᠠᠴᠢᠩ ᠢ ᠲᠠᠭᠠᠨ ᠣᠢ᠌ᠯᠠᠳᠪᠣᠷᠢ ᠶᠢ ᠳᠠᠮᠵᠢᠵᠤ ᠰᠢᠷᠠᠮᠤᠨ ᠳᠤᠭᠤᠭ᠎ᠠ ᠬᠠᠭᠠᠯᠤᠯᠴᠠᠨ

ᠳ᠋ᠠᠵᠠᠢ ᠡᠴᠡ ᠰᠤᠷᠤᠯᠴᠠᠨ ᠳᠠᠷᠢᠶᠠᠯᠠᠬᠤ ᠶᠢ ᠭᠦᠷᠢᠶᠡᠯᠡᠨ ᠶᠡᠭᠡ ᠠᠳᠠᠷ ᠶᠢᠡᠨ ᠬᠠᠭᠠᠯᠪᠣᠷᠢᠯᠠᠭᠠᠤᠨ

ᠬᠤᠷᠢᠶᠠᠯᠳᠠ ᠪᠠᠨ ᠳᠠᠪᠠᠭᠤᠯᠤᠨ ᠪᠠᠶᠡᠯᠡᠭᠦᠯᠭᠦ ᠳᠤ ᠬᠤᠭᠤᠰᠤᠨ ᠳᠤᠭ᠎ᠠ ᠮᠡᠳᠡᠭᠦᠯᠵᠤ

ᠬᠤᠳᠤᠭᠠᠳᠤ ᠭᠡᠳᠡᠰᠤ ᠪᠠᠨ ᠳᠦᠭᠦᠷᠭᠡᠭᠦ ᠭᠡᠵᠤ ᠰᠢᠭᠡᠯ ᠴᠤᠤᠬᠠᠯ ᠬᠠᠮᠤᠨ ᠢᠳᠠᠵᠤ

ᠦᠰᠦᠯᠳᠠ ᠪᠠᠨ ᠨᠡᠮᠡᠭ᠍ᠳᠡᠭᠦᠯᠭᠦ ᠭᠡᠵᠤ ᠥᠪᠴᠢᠭ᠍ᠰᠡᠨ ᠠᠷᠠᠰᠤ ᠪᠠᠷ ᠣᠷᠤ ᠪᠦᠭᠯᠡᠵᠤ

ᠥᠯᠦᠰᠭᠦᠯᠡᠩ ᠨᠢᠳᠤ ᠪᠠᠨ ᠪᠠᠶᠠᠰᠬᠠᠨ ᠡᠭᠦᠳᠡᠨ ᠳᠡᠭᠡᠷ᠎ᠡ ᠪᠠᠨ ᠪᠠᠢ᠌ᠳᠠᠰᠤ ᠰᠣᠢ᠌ᠵᠤ

ᠮᠠᠩᠵᠠᠨ ᠳᠤᠭᠤᠭ᠎ᠠ ᠶᠢ ᠪᠣᠴᠠᠯᠭᠠᠬᠤ ᠭᠡᠵᠤ ᠮᠤᠳᠤ ᠪᠣᠳᠠ ᠪᠠᠨ ᠭᠢᠶᠠᠷᠠᠳᠠᠯ᠎ᠠ ᠬᠠᠳᠤᠵᠤ

ᠮᠠᠯ ᠳᠠᠷᠢᠶᠠᠯᠠᠩ ᠢ ᠣᠶᠠᠯᠳᠤᠭᠤᠯᠬᠤ ᠭᠡᠵᠤ ᠮᠠᠯᠠᠭᠠᠢ ᠠᠪᠬᠤ ᠦᠭᠡᠶ ᠶᠠᠭᠠᠷᠠᠯᠳᠤᠵᠤ

ᠲᠦᠷᠦ ᠲᠦᠮᠡᠨ ᠤ ᠳᠦᠯᠦᠭᠡ ᠭᠡᠵᠤ《ᠭᠡᠷᠢᠶ᠎ᠡ ᠰᠢᠪᠠᠭᠤ ᠭᠡᠷᠡᠯᠳᠦᠭᠦᠯᠤᠨ》 ᠬᠤᠷᠠᠯᠳᠤᠵᠤ

ᠭᠡᠳᠤ ᠵᠡᠭᠦᠡᠰᠢᠯᠡᠨ ᠭᠡᠳᠤ ᠪᠠᠷᠠᠭᠤᠠᠰᠢᠯᠠᠵᠤ 《ᠮᠤᠷᠢᠨ ᠳᠠᠯ ᠳᠡᠭᠡᠭᠦᠷ》 ᠮᠤᠩᠭ᠋ᠠᠨᠢᠵᠤ

ᠨᠤᠯᠭᠤ ᠬᠤᠳᠣᠢ᠌ᠵᠤ ᠵᠢᠯᠢᠪ ᠬᠤᠴᠤᠷᠤᠭᠰᠠᠨ ᠮᠢᠨᠤ ᠮᠤᠩᠭ᠋ᠤᠯ ᠳᠤᠰᠬᠤ ᠮᠢᠨᠢ ᠁

3

ᠣᠷᠴᠢᠯ ᠵᠤᠷᠴᠢᠯ ᠤᠨ ᠣᠤᠷ ᠵᠢᠮ᠎ᠠ ᠳᠡᠭᠡᠨ ᠣᠨ ᠵᠢᠯ ᠣᠯᠠᠷᠢᠵᠤ

ᠣᠰᠠᠳᠤᠯ ᠭᠠᠩᠳᠠᠯ ᠤᠨ ᠬᠠᠳᠠᠭᠤ ᠬᠠᠤᠯᠢ ᠪᠠᠷ ᠣᠷᠴᠢᠯᠠᠩ ᠪᠠᠢ᠌ᠭᠠᠯᠢ ᠳᠠᠷᠴᠢᠯᠠᠵᠤ

ᠣᠯᠵᠤ ᠠᠯᠳᠠᠬᠤ ᠶᠢᠨ ᠴᠣᠢ᠌ᠷᠸ᠎ᠠ ᠬᠠᠶᠠᠯᠴᠠᠭ᠎ᠠ ᠪᠠᠷ ᠠᠮᠢᠳᠤᠷᠠᠯ ᠳᠠᠪᠢᠯᠠᠩ ᠦᠷᠢᠰᠴᠤ

ᠣᠰᠤᠯ ᠴᠠᠯᠭᠠᠢ᠌ᠷᠠᠯ ᠣᠯᠵᠠ ᠣᠮᠤᠭᠰᠢᠯ ᠳᠤ ᠦᠷᠦᠪᠴᠢᠨ ᠳᠡᠯᠡᠭᠡᠢ ᠡᠮᠵᠡᠭᠯᠡᠨ᠎ᠡ᠃

ᠬᠠᠩᠭ᠋ᠠᠯᠠᠭ᠎ᠠ ᠭᠡᠷᠡᠭ᠍ᠴᠡᠭᠡ ᠳᠡᠩᠴᠡᠭᠦᠷᠢ ᠠᠯᠳᠠᠨ ᠭᠦᠮᠤᠨ ᠪᠠᠢ᠌ᠭᠠᠯᠢ ᠳᠠᠮᠠᠴᠠᠯᠳᠤᠵᠤ

ᠬᠠᠯᠠᠭᠤᠨ ᠭᠦᠢᠳᠡᠨ ᠳᠡᠩᠴᠡᠭᠦᠷᠢ ᠠᠯᠳᠠᠨ ᠣᠰᠤ ᠰᠢᠮ᠎ᠠ ᠳᠤᠳᠠᠵᠤ

ᠬᠠᠭᠤᠷᠠᠢ ᠨᠣᠢ᠌ᠳᠠᠨ ᠳᠡᠩᠴᠡᠭᠦᠷᠢ ᠠᠯᠳᠠᠨ ᠦᠩ ᠭᠦᠷᠦᠰᠤ ᠪᠠᠷᠠᠵᠤ

ᠮᠠᠩᠬ᠎ᠠ ᠳᠠᠯ᠎ᠠ ᠳᠡᠩᠴᠡᠭᠦᠷᠢ ᠠᠯᠳᠠᠨ ᠪᠠᠯᠠᠷ ᠬᠤᠮᠠᠭ ᠳᠦᠷᠢᠮᠡᠭᠡᠢ᠌ᠯᠡᠵᠤ

ᠮᠠᠯ ᠳᠠᠷᠢᠶ᠎ᠠ ᠳᠡᠩᠴᠡᠭᠦᠷᠢ ᠠᠯᠳᠠᠨ ᠪᠠᠯᠴᠢᠭᠡᠷ ᠡᠪᠠᠰᠤ ᠢᠪᠴᠤᠤᠷᠠᠵᠤ

ᠡᠪᠳᠡᠯ ᠭᠢᠮᠠᠭᠠᠳᠠᠯ ᠳᠡᠩᠴᠡᠭᠦᠷᠢ ᠠᠯᠳᠠᠨ ᠠᠭᠤᠯᠠ ᠨᠢᠷᠤᠭᠤᠳ ᠬᠤᠵᠢᠭᠢᠷᠳᠤᠵᠤ

ᠡᠷᠡᠤ ᠳᠤᠪᠣ ᠳᠡᠩᠴᠡᠭᠦᠷᠢ ᠠᠯᠳᠠᠨ ᠡᠯᠡᠰᠤᠨ ᠳᠤᠯᠤᠭᠠᠤᠨ ᠨᠢᠴᠦᠭᠦᠷᠡᠵᠤ

ᠳᠠᠷᠢᠶᠠᠯᠠᠩ ᠤᠨ ᠶᠡᠭᠡ ᠭᠦᠭᠡᠭᠡᠴᠡᠯᠳᠦᠯ ᠳᠤ ᠳᠠᠯ᠎ᠠ ᠪᠠᠷᠠᠭᠳᠠᠵᠤ ᠮᠠᠯ ᠶᠢᠡᠨ ᠬᠤᠷᠢᠵᠤ

ᠳᠠᠸᠠᠷ ᠤᠨ ᠢᠷᠮᠡᠭᠦᠨ ᠦᠷᠢᠰᠤᠯ ᠳᠤ ᠭᠦᠯ ᠠᠯᠳᠠᠵᠤ ᠣᠬᠠᠭ᠎ᠠ ᠪᠠᠯᠠᠷᠳᠠᠨ

ᠳᠠᠭᠠᠨ᠎ᠠ ᠶᠢᠨ ᠦᠨᠦᠷ᠂ ᠳᠠᠷᠠᠭ ᠤᠨ ᠦᠨᠦᠷ ᠳᠠᠯ᠎ᠠ ᠶᠢᠨ ᠠᠭᠠᠷ ᠲᠤ ᠬᠤᠮᠰᠠᠳᠠᠵᠤ

ᠳᠠᠮᠤ ᠶᠢᠨ ᠮᠠᠩᠬ᠎ᠠ᠂ ᠳᠠᠮᠤᠷ ᠳᠤᠤᠷ ᠁ ᠮᠤᠩᠭ᠋ᠤᠯ ᠠᠢ᠌ᠯ ᠢ ᠳᠤᠱᠠᠵᠤ

ᠳᠠᠪᠵᠢᠶᠠᠷᠢ ᠠᠯᠳᠠᠭᠰᠠᠨ ᠡᠯᠡᠰᠤᠨ ᠰᠢᠭᠤᠷᠭ᠎ᠠ ᠬᠠᠪᠣᠷ ᠵᠤᠠᠵᠢᠨ ᠳᠤᠭᠰᠢᠷᠠᠵᠤ

ᠳᠠᠪᠠᠯ ᠨᠢ ᠨᠢᠮᠭᠡᠳᠡᠭ᠍ᠰᠡᠨ ᠡᠭᠡ ᠨᠤᠳᠤᠭ ᠮᠢᠨᠢ ᠨᠠᠮᠤᠷ ᠡᠪᠦᠯᠵᠢᠨ ᠴᠠᠴᠠᠷᠠᠨ᠎ᠠ᠃

4

ᠬᠤᠷ᠎ᠠ ᠳᠤᠳᠠᠭᠰᠠᠨ ᠳᠠᠷᠢᠶᠠᠨ ᠵᠠᠬ᠎ᠠ ᠳᠤ ᠬᠤᠤᠠᠳᠤᠭ ᠰᠠᠨᠠᠵᠤ ᠵᠤᠭᠰᠤᠬᠤ ᠳ᠋ᠠᠭᠠᠨ

ᠬᠤᠷᠢᠭᠳᠠᠵᠤ ᠳᠤᠷᠠᠭᠰᠠᠨ ᠮᠠᠯ ᠤᠨ ᠶᠢᠡᠨ ᠳᠦᠯᠦᠭᠡ ᠪᠠᠯᠴᠢᠭᠡᠷ ᠬᠠᠢ᠌ᠵᠤ ᠵᠤᠪᠠᠨᠢᠬᠤ ᠳ᠋ᠠᠭᠠᠨ

ᠬᠤᠷᠴᠢᠨ ᠤ ᠠᠭᠤᠳᠠᠮ ᠳᠠᠯ᠎ᠠ ᠪᠠᠨ ᠪᠢ ᠡᠯᠡᠰᠤᠨ ᠤ ᠳᠤᠤᠷ᠎ᠠ ᠡᠴᠡ ᠡᠷᠢᠭᠦ ᠳ᠋ᠤ

ᠬᠣᠢ᠌ᠴᠢᠰ ᠲᠠᠭᠠᠨ ᠥᠪᠯᠡᠭᠦ ᠮᠢᠨᠤ ᠮᠤᠩᠭ᠋ᠤᠯ ᠳᠤᠰᠬᠤ ᠮᠢᠨᠢ ᠨᠢᠯᠪᠣᠰᠤᠨ ᠳᠤᠮᠳᠠ ᠪᠦᠷᠦᠯᠵᠡᠨ᠎ᠡ ᠁

ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2009 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ