☆ ᠳ·ᠲᠦᠮᠡᠨᠰᠠᠩ
ᠮᠤᠩᠭ᠋ᠤᠯ ᠪᠦᠭᠡ
ᠳᠡᠯᠭᠡᠷ ᠣᠷᠤᠨ ᠤ ᠪᠠᠨ ᠨᠠᠢ᠌ᠷ ᠤᠨ ᠴᠢᠮᠡᠭ᠌
ᠳᠠᠪᠢᠨ ᠳᠡᠪᠢᠭ᠍ᠰᠡᠭᠡᠷ ᠳᠡᠯᠡᠭᠡᠢ ᠶᠢᠨ ᠴᠢᠮᠡᠭ᠌
ᠭᠤᠳᠤᠯ ᠤᠨ ᠣᠯᠠ ᠡᠴᠡ ᠨᠢ ᠪᠣᠰᠤᠭᠰᠠᠨ
ᠳᠤᠭᠤᠰᠤ ᠨᠢ ᠠᠯᠳᠠᠨ
ᠭᠠᠯ ᠨᠠᠷᠠᠨ ᠳᠤ ᠠᠰᠬᠠᠯᠠᠭᠰᠠᠨ
ᠭᠦᠯᠦᠰᠤ ᠨᠢ ᠮᠥᠩᠭᠦᠨ
ᠰᠢᠷᠢᠨ ᠵᠤᠳᠤᠭ ᠰᠢᠭ ᠶᠢᠡᠨ ᠪᠠᠭᠢ
ᠵᠤᠷᠢᠭ ᠨᠢ ᠬᠠᠳᠠᠨ
ᠰᠢᠯᠢ ᠨᠤᠳᠤᠭ ᠰᠢᠭ ᠶᠢᠡᠨ ᠳᠡᠨᠢᠭᠡᠷ
ᠰᠡᠳᠭᠢᠯ ᠨᠢ ᠠᠭᠤᠵᠢᠮ
ᠴᠠᠭ ᠤᠨ ᠰᠢᠷᠦᠭᠦᠨ ᠳᠠᠪᠭᠢᠭᠠᠨ ᠳᠡᠭᠡᠷ᠎ᠡ
ᠴᠢᠨᠠᠷ ᠶᠢᠡᠨ ᠠᠯᠳᠠᠭ᠎ᠠ ᠦᠭᠡᠶ
ᠴᠢᠳᠠᠯ ᠣᠬᠠᠭᠠᠨ ᠤ ᠡᠷᠴᠢᠮ
ᠮᠥᠩᠭᠦ ᠵᠤᠭᠤᠰ ᠤᠨ ᠵᠠᠬ᠎ᠠ ᠳᠡᠭᠡᠷ᠎ᠡ
ᠮᠦᠰᠤ ᠪᠠᠨ ᠣᠷᠭᠢᠭ᠎ᠠ ᠦᠭᠡᠶ
ᠮᠤᠩᠭ᠋ᠤᠯ ᠴᠢᠰᠤᠨ ᠤ ᠣᠳᠤᠮ
ᠭᠢᠩᠭ᠋ᠠ ᠶᠢᠨ ᠦᠨᠳᠦᠷ ᠠᠭᠤᠯᠠᠨ ᠡᠴᠡ
ᠰᠦᠷ ᠶᠢᠡᠨ ᠠᠪᠣᠭᠰᠠᠨ ᠡᠷᠡᠮᠡᠭᠡᠢ
ᠭᠢᠶᠠᠨ ᠴᠢᠯᠠᠭᠤᠨ ᠤ ᠰᠢᠷᠪᠣᠰᠤᠨ ᠡᠴᠡ
ᠳᠠᠷ ᠶᠢᠡᠨ ᠠᠪᠣᠭᠰᠠᠨ ᠳᠠᠭᠠᠭᠠᠮᠠᠭᠠᠢ
ᠬᠠᠯᠢᠬᠤ ᠱᠤᠩᠬᠤᠷ ᠤᠨ ᠳᠠᠪᠢᠯᠳᠠ ᠪᠠᠷ
ᠬᠤᠷᠳᠤ ᠪᠠᠨ ᠴᠡᠨᠡᠭᠯᠡᠭ᠍ᠰᠡᠨ ᠴᠠᠭᠢᠯᠭᠠᠨ
ᠭᠦᠷᠭᠢᠷᠡᠭᠦ ᠪᠠᠷᠰ ᠤᠨ ᠣᠮᠤᠭ ᠶᠢᠡᠷ
ᠭᠦᠴᠤ ᠪᠠᠨ ᠴᠡᠨᠡᠭᠯᠡᠭ᠍ᠰᠡᠨ ᠳᠠᠪᠠᠯᠭᠠᠨ
ᠭᠡᠢ᠌ᠮᠦᠷᠢᠯᠢᠭ᠌ ᠳᠡᠭ᠍ᠷᠢᠯᠢᠭ᠌
ᠮᠤᠩᠭ᠋ᠤᠯ ᠪᠦᠭᠡ ᠮᠢᠨᠤ
ᠳᠡᠯᠡᠭᠡᠢ ᠶᠢ ᠵᠤᠳᠤᠭᠯᠠᠵᠤ
ᠮᠤᠩᠭ᠋ᠤᠯ ᠶᠢᠡᠷ ᠪᠠᠷᠢᠯᠳᠤᠬᠤ
ᠳᠡᠷᠡᠦᠭᠡᠨ ᠴᠠᠭ ᠣᠳᠠᠯ ᠦᠭᠡᠶ ᠢᠷᠠᠨ᠎ᠠ
ᠳᠠᠢ᠌ᠮᠤ ᠯᠠ ᠵᠢᠪᠬᠤᠯᠠᠩ
ᠳᠠᠢ᠌ᠮᠤ ᠯᠠ ᠵᠢᠷᠭᠠᠯᠠᠩ
ᠮᠤᠩᠭ᠋ᠤᠯ ᠪᠦᠭᠡ
ᠮᠠᠯᠴᠢᠨ ᠠᠷᠠᠤᠨ ᠤᠨ ᠶᠢᠡᠨ ᠰᠡᠳᠭᠢᠯ ᠤᠨ ᠴᠢᠮᠡᠭ᠌
ᠮᠠᠭᠰᠢᠨ ᠮᠠᠭᠰᠢᠭᠰᠠᠭᠠᠷ ᠳᠠᠶᠠᠩ ᠤᠨ ᠴᠢᠮᠡᠭ᠌᠃
2009.8.3
ᠵᠤᠬᠢᠶᠠᠭᠴᠢ᠄ ᠳ·ᠲᠦᠮᠡᠨᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2829
ᠴᠠᠭ᠄ 2009 ᠤᠨ ᠤ 08 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ