☆ ᠮᠢ᠊·ᠭᠡᠷᠡᠯ
ᠪᠣᠯᠵᠤᠮᠤᠷ ᠤᠳ ᠡ
ᠪᠣᠯᠵᠤᠮᠤᠷ᠂ ᠪᠣᠯᠵᠤᠮᠤᠷ ᠤᠳ ᠡ
ᠪᠣᠳᠠᠨ ᠤ ᠡᠩᠭᠡᠷ ᠤᠨ ᠮᠠᠨᠠᠭᠠᠴᠢ ᠦᠦ︖
ᠪᠣᠷᠭᠠᠰᠤᠨ ᠰᠠᠯᠠᠭᠠᠨ ᠤ ᠡᠵᠡᠨ ᠦᠦ︖
ᠪᠣᠯᠵᠤᠮᠤᠷ᠂ ᠪᠣᠯᠵᠤᠮᠤᠷ ᠤᠳ ᠡ
ᠭᠡᠷ ᠤᠨ ᠰᠠᠷᠠᠪᠴᠢᠨ ᠤ ᠰᠠᠭᠢᠭᠤᠰᠤ ᠦᠦ︖
ᠭᠡᠳᠦᠭᠡᠨ ᠪᠣᠳᠠᠭᠠᠨ ᠤ ᠭᠠᠷᠤᠩᠭᠠ ᠦᠦ︖
ᠪᠣᠯᠵᠤᠮᠤᠷ᠂ ᠪᠣᠯᠵᠤᠮᠤᠷ ᠤᠳ ᠡ
ᠵᠢᠷ ᠵᠢᠷ ᠵᠢᠷᠭᠢᠭᠡ ᠴᠢᠨᠢ
ᠵᠢᠩᠭᠢᠨᠢ ᠠᠮᠢᠳᠤᠷᠠᠬᠤ ᠶᠢᠨ ᠴᠢᠨᠢ ᠣᠷᠢᠶ᠎ᠠ ᠦᠦ︖
ᠪᠣᠯᠵᠤᠮᠤᠷ᠂ ᠪᠣᠯᠵᠤᠮᠤᠷ ᠤᠳ ᠡ
ᠭᠡᠳᠡᠩ ᠭᠤᠳᠤᠩ ᠭᠦᠶᠦᠳᠡᠯ ᠴᠢᠨᠢ
ᠭᠡᠡᠵᠡ ᠪᠠᠶ᠎ᠠ ᠶᠢᠨ ᠴᠢᠨᠢ ᠠᠪᠢᠶᠠᠰ ᠦᠦ︖
ᠪᠣᠯᠵᠤᠮᠤᠷ᠂ ᠪᠣᠯᠵᠤᠮᠤᠷ ᠤᠳ ᠡ
ᠮᠠᠨᠢ ᠳᠤᠭᠠᠯᠠᠯᠳᠠ ᠶᠢᠨ ᠣᠨ ᠵᠢᠯ ᠳᠤ
ᠮᠠᠨ ᠤ ᠭᠢ ᠪᠠᠷ ᠨᠤᠳᠤᠭᠯᠠᠳᠠᠭ ᠨᠢ ᠶᠠᠭᠤᠨ︖
ᠪᠣᠯᠵᠤᠮᠤᠷ᠂ ᠪᠣᠯᠵᠤᠮᠤᠷ ᠤᠳ ᠡ
ᠬᠠᠨᠢ ᠪᠠᠨ ᠳᠠᠭᠤᠳᠠᠳᠠᠭ ᠱᠤᠯᠤᠭᠤᠨᠠᠯᠳᠠ ᠴᠢᠨᠢ
ᠬᠠᠷᠢ ᠭᠡᠯᠡᠳᠡᠨ ᠳᠤ ᠮᠡᠳᠡᠭ᠍ᠳᠡᠮ᠎ᠡ ᠭᠠᠢ᠌ᠬᠠᠯᠳᠠᠢ
ᠪᠣᠯᠵᠤᠮᠤᠷ᠂ ᠪᠣᠯᠵᠤᠮᠤᠷ ᠤᠳ ᠡ
ᠠᠮᠢᠳᠠᠨ ᠵᠢᠷᠭᠤᠭᠠᠨ ᠵᠣᠢ᠌ᠯ ᠤᠨ ᠡᠩᠨᠡᠭᠡᠨ ᠳ᠋ᠤ
ᠡᠭᠡ ᠶᠢᠨ ᠬᠠᠢ᠌ᠷ᠎ᠠ ᠪᠠᠨ ᠳᠤᠰᠢᠶᠠᠬᠤ ᠴᠢᠨᠢ ᠭᠦᠡᠳᠤ ᠳᠠᠢ
ᠪᠣᠯᠵᠤᠮᠤᠷ᠂ ᠪᠣᠯᠵᠤᠮᠤᠷ ᠤᠳ ᠡ
ᠦᠷᠤᠴᠠᠨ ᠭᠡᠰᠡᠭ᠌ ᠤᠨ ᠢᠯᠴᠢ ᠪᠠᠷ ᠵᠢᠠᠨ
ᠥᠡᠳᠡᠭᠡ ᠪᠠᠨ ᠳᠠᠷᠤᠬᠤ ᠴᠢᠨᠢ ᠦᠷᠤᠪᠳᠤᠯ ᠳᠠᠢ
ᠪᠣᠯᠵᠤᠮᠤᠷ᠂ ᠪᠣᠯᠵᠤᠮᠤᠷ ᠤᠳ ᠡ
ᠠᠩᠭ᠋ᠠᠬᠠᠢ ᠵᠤᠯᠵᠠᠭ᠎ᠠ ᠴᠢᠨᠢ ᠳᠠᠮᠤᠯᠠᠭᠳᠠᠬᠤ ᠦᠶᠡᠰ
ᠠᠷᠢᠭᠤᠨ ᠰᠠᠨᠠᠭ᠎ᠠ ᠪᠠᠷ ᠶᠢᠡᠨ ᠠᠪᠣᠷᠠᠯ ᠭᠤᠶᠤᠳᠠᠭ ᠴᠢᠨᠢ ᠣᠶᠠᠷᠠᠯᠳᠠᠢ
ᠪᠣᠯᠵᠤᠮᠤᠷ᠂ ᠪᠣᠯᠵᠤᠮᠤᠷ ᠤᠳ ᠡ
ᠪᠣᠷᠤᠬᠠᠨ ᠪᠠᠶ᠎ᠠ᠂ ᠪᠣᠷᠵᠠᠢ᠌ᠬᠤ ᠦᠳᠦ ᠲᠡᠶ ᠴᠤ
ᠪᠦᠯᠢᠶᠡᠨ ᠳᠤᠯᠠᠭᠠᠨ ᠣᠷᠴᠢᠨ ᠡᠷᠢᠳᠡᠭ᠌ ᠴᠢᠨᠢ ᠭᠦᠭᠡᠷᠦᠭᠦᠢ
ᠪᠣᠯᠵᠤᠮᠤᠷ᠂ ᠪᠣᠯᠵᠤᠮᠤᠷ ᠤᠳ ᠡ
ᠡᠳᠦᠷ᠂ ᠡᠳᠦᠷ ᠤᠨ ᠣᠷᠤᠨ ᠵᠠᠢ ᠳ᠋ᠤ
ᠣᠯᠠᠭᠤᠯᠠ ᠰᠦᠷᠦᠭᠯᠡᠭᠦ ᠴᠢᠨᠢ ᠪᠢᠰᠢᠷᠠᠯᠳᠠᠢ
ᠪᠣᠯᠵᠤᠮᠤᠷ᠂ ᠪᠣᠯᠵᠤᠮᠤᠷ ᠤᠳ ᠡ
ᠪᠦᠷ ᠥᠵᠡᠭ᠍ᠳᠡᠭᠦ ᠦᠭᠡᠶ ᠪᠣᠯ ᠥᠭᠡᠢ᠌ᠯᠡᠭ᠍ᠳᠡᠳᠡᠭ᠌ ᠡᠴᠠ
ᠪᠦᠳᠤᠨ ᠳᠡᠯᠡᠭᠡᠢ ᠶᠢᠨ ᠬᠠᠨᠢᠳᠠᠨ ᠶᠢᠡᠷ ᠣᠳᠠᠭᠠᠨ ᠵᠢᠷᠭᠠᠭᠠᠷᠠᠢ︕
ᠵᠤᠬᠢᠶᠠᠭᠴᠢ ᠶᠢᠨ ᠬᠠᠶᠢᠭ ᠄ ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ
ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2011 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ