ᠨᠡᠪᠲᠡᠷᠡᠨ ᠤᠷᠤᠬᠤ
ᠨᠠᠷᠠᠨ ᠵᠥᠭ᠌ ᠤᠨ ᠪᠣᠴᠠᠯᠳᠠ
᠊᠊᠊᠊᠊᠊᠊᠊᠊᠊᠊᠊᠊᠊᠊ ᠶᠠᠫᠣᠨ ᠳᠤ ᠰᠤᠷᠤᠯᠴᠠᠭ᠎ᠠ ᠰᠤᠷᠤᠭᠴᠢ ᠰᠠᠷᠠᠭᠤᠯ ᠳ᠋ᠤ

ᠶᠠᠪᠣᠭᠰᠠᠤᠨ ᠢᠷᠡᠭ᠍ᠰᠡᠳ ᠳᠤᠭ᠎ᠠ ᠳᠠᠢ

ᠶᠠᠫᠣᠨ ᠳᠤ ᠨᠢᠰᠦᠭ᠍ᠰᠡᠨ ᠳᠠᠷᠠ ᠳᠠᠷᠠ ᠭᠦᠮᠤᠨ ᠣᠯᠠᠨ ᠤ ᠳᠤᠮᠳᠠ

ᠡᠷᠢᠯ ᠤᠨ ᠬᠠᠮᠳᠤ ᠵᠡᠭᠦᠳᠤ ᠮᠠᠨᠠᠨ ᠭᠡᠦᠭᠡᠨ ᠠᠴᠢᠨᠠᠷ ᠲᠤ ᠪᠠᠨ ᠣᠶᠠᠰᠴᠤ

ᠡᠷ᠎ᠡ ᠶᠢᠨ ᠨᠢᠯᠪᠣᠰᠤ ᠪᠠᠷ ᠳᠤᠯᠤᠭᠠᠨ ᠵᠢᠯ ᠢ ᠰᠠᠷᠠᠨ ᠳᠡᠷᠭᠡᠯ ᠮᠢᠯᠢᠶᠠᠬᠤ ᠳᠤ ᠪᠠᠨ

ᠰᠦ᠋ ᠶᠢᠨ ᠦᠨᠦᠷ ᠲᠡᠶ ᠥᠡᠳᠦᠷᠯᠢᠭ᠌ ᠤᠨ ᠰᠠᠯᠭᠢᠨ ᠳᠤ ᠴᠤᠩᠬᠤ ᠨᠠᠯᠠᠨ ᠰᠠᠭᠤᠭᠠᠤᠨ

ᠰᠦᠨᠢ ᠶᠢᠨ ᠣᠳᠤ ᠰᠤᠳᠤᠯᠭ᠎ᠠ ᠬᠤᠶᠠᠷ ᠶᠢᠡᠷ ᠨᠠᠷᠠ ᠶᠢ ᠪᠣᠰᠬᠠᠳᠠᠭ ᠭᠡᠯ᠎ᠡ᠂ ᠴᠢ ᠮᠢᠨᠢ ︕

ᠳᠠᠪᠤᠨ ᠠᠷᠠᠰᠤᠳᠠᠤᠨ ᠤᠨ ᠭᠡᠯᠡᠨ ᠤ ᠮᠠᠷᠭᠤᠭᠠᠨ ᠳᠤ ᠮᠤᠩᠭ᠋ᠤᠯ ᠴᠢ ᠳᠠᠰᠤ ᠥᠵᠦᠭᠦᠷᠯᠡᠭᠡᠳ

ᠳᠠᠩᠭᠢᠰ ᠳᠠᠪᠠᠭᠤᠯᠵᠤ ᠰᠠᠷᠠᠭᠤᠯ ᠨᠠᠷ᠎ᠠ ᠶᠢ ᠵᠢᠰᠤ ᠲᠡᠶ ᠪᠠᠨ ᠬᠠᠮᠳᠤ ᠳᠤᠩᠬᠠᠭᠯᠠᠭᠰᠠᠨ ︕


ᠳᠠᠷ ᠲᠡᠶ ᠪᠦᠰᠡᠭᠦᠢ ᠶᠢᠨ ᠭᠡᠰᠢᠭᠦᠨ ᠬᠤᠪᠢ ᠪᠠᠷ ᠴᠠᠭ ᠡᠴᠠ ᠡᠷᠳᠡ ᠪᠣᠰᠤᠭᠰᠠᠨ

ᠳᠠᠮᠢᠷ ᠲᠡᠶ ᠵᠠᠯᠠᠭᠤᠰ ᠤᠨ ᠮᠠᠩᠯᠠᠢ ᠬᠤᠪᠢ ᠪᠠᠷ ᠨᠠᠷᠠᠨ ᠵᠥᠭ᠌ ᠳᠤ ᠤᠢ᠌ᠷ᠎ᠡ ᠳᠦᠭᠦᠭ᠍ᠰᠡᠨ


ᠰᠤᠷᠠᠭ ᠳᠠᠷᠠ᠂ ᠵᠠᠩᠭᠢ ᠳᠠᠷᠠ ᠳᠡᠯᠡᠭᠡᠢ ᠬᠤᠪᠢᠰᠤᠯ ᠬᠤᠶᠠᠷ ᠢ ᠳᠠᠨᠢᠵᠤ

ᠰᠤᠳᠤᠨ ᠣᠬᠠᠭᠠᠨ ᠤ ᠰᠢᠨ᠎ᠠ ᠰᠠᠳᠤᠪ ᠢ ᠠᠠᠳᠠᠰ ᠪᠦᠭᠦᠨ ᠳᠤ ᠳᠠᠢ᠌ᠯᠤᠭᠰᠠᠨ


ᠨᠠᠷᠠᠨ ᠵᠥᠭ᠌ ᠤᠨ ᠡᠷᠭᠢᠯᠳᠡ ᠳᠤ ᠳᠠᠪᠢᠨ ᠪᠣᠰᠤᠭᠰᠠᠨ ᠪᠦᠷᠭᠦᠤᠨ ᠪᠣᠢ

ᠨᠠᠳᠠ ᠳᠤ ᠪᠠᠨ ᠪᠣᠯᠵᠤᠭ᠎ᠠ ᠣᠩᠰᠢᠵᠤ ᠵᠢᠷᠭᠢᠭᠡᠳ ᠢᠷᠡᠭᠦ ᠵᠢᠷᠭᠠᠯ ᠪᠣᠢ



ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠪᠠᠶᠠᠠᠬᠤᠰᠢᠭᠤ ᠨᠢᠭᠡᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠪᠤᠶᠠᠨ‍ᠬᠡᠰᠢᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 08 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ