ᠨᠡᠪᠲᠡᠷᠡᠨ ᠤᠷᠤᠬᠤ
ᠨᠠᠢ᠌ᠵᠠ ᠮᠢᠨᠢ ᠢᠷᠡᠭᠡᠰᠡᠢ

ᠡᠪᠦᠯ ᠤᠨ ᠭᠦᠨ ᠰᠦᠨᠢ ᠶᠢ ᠪᠣᠳᠤᠯ ᠮᠢᠨᠢ ᠵᠦᠰᠤᠨ᠎ᠠ

ᠡᠪᠠᠰᠤᠨ ᠤ ᠭᠦᠨ ᠨᠠᠮᠤᠷ ᠢ ᠭᠢᠰᠠᠯ ᠮᠢᠨᠢ ᠭᠦᠰᠡᠨ᠎ᠡ

ᠡᠭᠡ ᠣᠷᠤᠨ ᠤ ᠵᠡᠭᠦᠳᠤ ᠶᠢ ᠴᠢᠰᠤᠨ ᠳᠠᠭᠠᠨ ᠮᠠᠨᠠᠵᠤ

ᠡᠵᠡᠨ ᠮᠠᠳᠠᠯ ᠤᠨ ᠳᠤᠭ ᠪᠠᠨ (ᠵᠢᠡᠨ) ᠵᠢᠷᠦᠭᠡᠨ ᠳᠡᠭᠡᠨ ᠳᠠᠭᠢᠨ᠎ᠠ

ᠨᠠᠢ᠌ᠵᠠ ᠮᠢᠨᠢ ᠢᠷᠡᠭᠡᠰᠡᠢ ᠭᠡᠵᠤ

ᠨᠠᠢ᠌ᠮᠠᠨ (ᠨᠢ᠋ᠮᠠᠨ) ᠵᠠᠭᠤᠨ ᠳᠠᠭᠠᠨ ᠪᠢ ᠬᠤᠷᠣᠢ᠌ᠯᠠᠨ᠎ᠠ

ᠨᠠᠢ᠌ᠵᠠ ᠮᠢᠨᠢ ᠢᠷᠡᠭᠡᠰᠡᠢ ᠭᠡᠵᠤ

ᠨᠠᠢ᠌ᠮᠠᠨ (ᠨᠢ᠋ᠮᠠᠨ) ᠰᠢᠷᠭ᠎ᠠ ᠪᠠᠷ ᠪᠢ ᠳᠤᠪᠳᠤᠯᠤᠨ᠎ᠠ

ᠨᠠᠷᠠᠨ ᠤ ᠳᠠᠯ᠎ᠠ ᠳᠤ ᠳᠡᠯᠭᠡᠷᠡᠭ᠍ᠰᠡᠨ

ᠨᠠᠢ᠌ᠷᠠᠭ ᠤᠨ ᠣᠯᠠᠭᠠᠨ ᠮᠦᠴᠢᠷ ᠲᠤ

ᠨᠠᠮᠤᠷ ᠤᠨ ᠴᠡᠩᠭᠡᠷ ᠳᠤᠯᠭᠢᠶᠠᠨ

ᠨᠠᠰᠤᠨ ᠳᠠᠭᠠᠨ ᠣᠭᠢᠯᠠᠵᠤ ᠥᠩᠭᠡᠷᠡᠭᠦ ᠶᠢ

ᠨᠠᠮ᠎ᠠ ᠪᠠᠨ ᠢᠳᠡᠭᠡᠪᠠᠯ ᠨᠠᠢ᠌ᠵᠠ ᠮᠢᠨᠢ

ᠨᠠᠪᠴᠢ ᠪᠦᠷᠢ ᠶᠢᠨ ᠭᠢᠨᠢ ᠨᠤᠭᠤᠭᠠᠨ ᠥᠩᠭᠡᠨ ᠳᠤ

ᠨᠤᠳᠤᠭ ᠤᠨ ᠵᠡᠭᠦᠳᠤ ᠪᠠᠨ ᠰᠢᠩᠭᠡᠭᠡᠵᠤ ᠶᠠᠪᠣᠭᠠᠷᠠᠢ᠂᠂

ᠨᠠᠷᠠᠨ ᠤ ᠳᠤᠤᠷ᠎ᠠ ᠰᠡᠭᠦᠳᠡᠷ ᠡᠷᠢᠭ᠍ᠰᠡᠨ ᠡᠪᠦᠯ

ᠨᠠᠷᠠᠰᠤᠨ ᠤ ᠳᠡᠭᠡᠷ᠎ᠡ ᠣᠮᠤᠭ ᠭᠡᠢ᠌ᠭᠦᠭ᠍ᠰᠡᠨ ᠬᠠᠪᠣᠷ

ᠡ᠊ᠨᠳᠡ ᠡᠴᠡ ᠳᠠᠮᠠᠢ ᠬᠤᠯᠠ ᠦᠭᠡᠶ ᠪᠠᠢ᠌ᠨᠠᠮ ᠨᠠᠢ᠌ᠵᠠ ᠮᠢᠨᠢ ︕

ᠡᠷᠭᠦᠨ᠎ᠡ ᠶᠢᠨ ᠬᠤᠨ ᠤ ᠭᠠᠩᠬᠤᠭᠠᠨ

ᠡᠷᠭᠢ ᠪᠠᠨ ᠳᠡᠯᠡᠭ᠍ᠰᠡᠨ ᠥᠭᠡᠯᠤᠨ ᠡᠴᠡ ᠡᠭᠢᠯᠡᠨ᠎ᠡ

ᠡᠭᠡ ᠣᠷᠤᠨ ᠡᠷ᠎ᠡ ᠭᠦᠮᠤᠨ

ᠡᠵᠢ ᠬᠠᠢ᠌ᠷ᠎ᠠ ᠡᠷᠭᠡ ᠴᠢᠯᠦᠭᠡ ᠡ᠊ᠨᠳᠡ ᠡᠴᠡ ᠡᠭᠢᠯᠡᠨ᠎ᠡ

ᠨᠠᠢ᠌ᠵᠠ ᠮᠢᠨᠢ ︕ ᠨᠠᠳᠠ ᠳᠠᠭᠠᠨ ᠢᠷᠡᠭᠡᠰᠡᠢ ︕

ᠨᠠᠷᠠᠨ ᠳᠡᠯᠡᠭᠡᠢ ᠮᠤᠩᠭ᠋ᠤᠯ ᠳᠠᠭᠠᠨ

ᠨᠠᠷᠠ ᠡᠷᠭᠦᠭᠦ ᠪᠠᠷ ᠯᠠ ᠢᠷᠡᠭᠡᠰᠡᠢ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠨᠠᠢ᠌ᠷᠠᠭᠤᠯᠤᠭᠴᠢ ᠡᠴᠡ ᠰᠠᠨᠠᠭᠤᠯᠬᠤ ᠨᠢ ᠄ ᠬᠠᠭᠠᠯᠳᠠ ᠳᠤ ᠪᠢᠴᠢᠭ᠍ᠰᠡᠨ ᠮᠢᠨᠢ ᠵᠦᠪ ᠪᠢᠴᠢᠯᠭᠡ ᠨᠢ ᠪᠢᠯᠢᠤ ᠭᠡᠵᠤ ᠪᠣᠳᠤᠬᠤ ᠳᠠᠭᠠᠨ ᠴᠤᠬᠤᠯᠠᠪᠣᠷᠢᠯᠠᠪᠠ᠃ ᠭᠡᠷᠪᠡ ᠴᠤᠬᠤᠯᠠᠪᠤᠷᠢᠯᠠᠭᠰᠠᠨ ᠮᠢᠨᠢ ᠵᠦᠪ ᠪᠣᠯ᠂ ᠳᠠᠭᠢᠵᠤ ᠵᠤᠬᠢᠶᠠᠯ ᠶᠢᠡᠨ ᠡᠭᠡ ᠪᠢᠴᠢᠭ᠌ ᠶᠢᠡᠷ ᠳᠤᠰᠢᠶᠠᠬᠤ ᠡᠴᠡ ᠪᠠᠨ ᠡᠮᠦᠨ᠎ᠡ ᠰᠠᠢ᠌ᠨ ᠭᠢᠨᠠᠭᠠᠷᠠᠢ᠃

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2009 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ