☆ ᠮᠤᠩᠭ᠋ᠤᠯᠰᠤᠶᠤᠯ
ᠤᠳᠠᠰᠤ ᠶᠢ ᠴᠢᠨᠢ ᠳᠤᠰᠬᠤ ᠪᠦᠷᠢ
ᠣᠳᠠᠰᠤ ᠶᠢ ᠴᠢᠨᠢ ᠳᠤᠰᠬᠤ ᠪᠦᠷᠢ
ᠣᠢ᠌ᠤᠠᠬᠠᠷ ᠨᠢᠭᠡ ᠰᠡᠷᠭᠦᠨ᠎ᠡ
ᠣᠳᠠᠭᠠᠨ ᠡᠳᠦᠷ ᠪᠦᠷᠭᠦᠢᠭ᠍ᠰᠡᠨ
ᠪᠣᠳᠤᠯ ᠨᠢᠭᠡ ᠴᠡᠯᠮᠡᠭ᠍ᠰᠢᠨᠡ
ᠦᠴᠦᠭᠡᠳᠦᠷ ᠤᠨ ᠵᠡᠭᠦᠳᠤᠨ ᠶᠢᠡᠨ
ᠦᠨᠡᠨ ᠶᠢᠡᠷ ᠨᠢ ᠭᠡᠯᠡᠭᠦ ᠶᠢ ᠭᠦᠰᠡᠨ᠎ᠡ
ᠣᠷᠤᠭᠤᠯ ᠳᠡᠭᠡᠷ᠎ᠡ ᠪᠠᠨ ᠥᠨᠦᠰᠦᠭᠦᠯᠵᠤ
ᠡᠷᠭᠡᠯᠡᠭᠦ ᠶᠤᠮᠰᠠᠨ ᠭᠡᠵᠤ ᠪᠣᠳᠤᠨ᠎ᠠ
ᠲ᠋ᠤᠭᠳᠤᠯᠤᠭᠤᠯᠵᠤ ᠶᠠᠷᠢᠭᠰᠠᠨ ᠠᠶᠠᠯᠭᠤ ᠴᠢᠨᠢ
ᠵᠢᠷᠦᠭᠡ ᠶᠢ ᠣᠭᠤᠰᠤᠷᠯᠠᠭᠠᠤᠨ ᠵᠤᠪᠠᠭᠠᠨ᠎ᠠ
ᠳᠤᠳᠠᠭᠤ ᠪᠢᠴᠢᠭ᠍ᠰᠡᠨ ᠰᠢᠯᠦᠭ᠌ ᠮᠢᠨᠢ ᠰᠢᠭ᠌
ᠵᠣᠢ᠌ᠯ ᠢ ᠪᠣᠳᠤᠭᠤᠯᠤᠭᠠᠤᠨ ᠳᠠᠷᠴᠢᠯᠭᠠᠨ᠎ᠠ
ᠲ᠋ᠠᠷᠠ ᠬᠤᠯᠠ ᠡᠴᠡ ᠴᠢ ᠮᠢᠨᠢ
ᠳᠦᠭᠦᠭᠡᠳ ᠢᠷᠡᠭᠡᠰᠡᠢ ᠭᠡᠵᠤ ᠭᠦᠰᠡᠨ᠎ᠡ
ᠳᠡᠭᠡ ᠶᠢᠨ ᠬᠠᠨ ᠤ ᠪᠠᠨ ᠡᠩᠭᠡᠷ ᠶᠢᠡᠷ
ᠳᠤᠭᠣᠢ᠌ᠯᠠᠵᠤ ᠠᠯᠬᠤᠯᠠᠬᠤ ᠶᠢ ᠰᠠᠨᠠᠨ᠎ᠠ
ᠠᠭᠤᠷᠯᠠᠭᠤᠯᠵᠤ ᠶᠠᠷᠢᠭᠰᠠᠨ ᠥᠭᠡ ᠪᠠᠨ
ᠦᠷᠦᠭᠡᠰᠤᠨ ᠬᠠᠴᠠᠷ ᠲᠤ ᠴᠢᠨᠢ ᠨᠠᠭᠠᠨ᠎ᠠ
ᠠᠭᠤᠴᠢᠯᠠᠬᠤ ᠶᠢ ᠭᠦᠰᠡᠭ᠍ᠰᠡᠨ ᠬᠠᠷᠠᠴᠠ ᠪᠠᠨ
ᠣᠷᠤᠭᠤᠯ ᠳᠤ ᠴᠢᠨᠢ ᠰᠢᠩᠭᠡᠭᠡᠳ ᠮᠠᠯᠮᠠᠷᠠᠨ᠎ᠠ
ᠣᠳᠠᠰᠤ ᠶᠢ ᠴᠢᠨᠢ ᠳᠤᠰᠬᠤ ᠪᠦᠷᠢ
ᠣᠢ᠌ᠤᠬᠠᠷ ᠨᠢᠭᠡ ᠰᠡᠷᠭᠦᠨ᠎ᠡ
ᠣᠳᠠᠭᠠᠨ ᠡᠳᠦᠷ ᠪᠦᠷᠭᠦᠢᠭ᠍ᠰᠡᠨ
ᠪᠣᠳᠤᠯ ᠨᠢᠭᠡ ᠴᠡᠯᠮᠡᠭ᠍ᠰᠢᠨᠡ
ᠵᠤᠬᠢᠶᠠᠭᠴᠢ ᠶᠢᠨ ᠬᠠᠶᠢᠭ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ
ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 08 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ