ᠨᠡᠪᠲᠡᠷᠡᠨ ᠤᠷᠤᠬᠤ
ᠳᠡᠭ᠍ᠷᠢ ᠶᠢᠨ ᠭᠦᠯᠦᠭ᠌

ᠳᠡᠭ᠍ᠷᠢ ᠭᠡᠳᠡᠭ᠌

ᠪᠦᠮᠪᠦᠷᠴᠡᠭ᠌ ᠡᠷᠭᠦᠭ᠍ᠰᠡᠨ ᠭᠦᠭᠡ ᠮᠤᠩᠭ᠋ᠤᠯ ᠤᠨ ᠰᠢᠳᠦᠭᠡᠨ ᠪᠠᠢ᠌ᠭᠰᠠᠨ

ᠮᠤᠷᠢ ᠮᠢᠨᠢ

ᠳᠡᠯᠡᠭᠡᠢ ᠭᠠᠢ᠌ᠬᠠᠭᠤᠯᠤᠭᠰᠠᠨ ᠮᠤᠩᠭ᠋ᠤᠯ ᠭᠦᠮᠤᠨ ᠤ ᠰᠥᠰᠦᠭ᠌ ᠪᠢᠯᠠ᠂

ᠮᠤᠩᠭ᠋ᠤᠯ ᠭᠡᠳᠡᠭ᠌

ᠠᠽᠢᠶ᠎ᠠ ᠶᠢᠨ ᠴᠡᠭᠡᠵᠢᠨ ᠳᠤ ᠨᠤᠳᠤᠭᠳᠠᠢ ᠠᠯᠳᠠᠨ ᠣᠭᠰᠠᠭᠠᠳᠠᠨ

ᠮᠤᠷᠢᠨ ᠨᠢᠷᠤᠭᠤᠨ ᠳᠤ ᠣᠢ᠌ᠯᠠᠰ ᠪᠣᠰᠬᠠᠭᠰᠠᠨ ᠭᠠᠢ᠌ᠬᠠᠮᠰᠢᠭ

ᠮᠤᠩᠭ᠋ᠤᠯ ᠭᠦᠮᠤᠨ

ᠮᠤᠷᠢᠨ ᠳᠤ ᠬᠠᠢ᠌ᠷᠠᠳᠠᠢ ᠪᠠᠢ᠌ᠳᠠᠭ

ᠮᠤᠷᠢ᠂ ᠮᠤᠩᠭ᠋ᠤᠯ ᠭᠦᠮᠤᠨ ᠳᠤ ᠬᠠᠮᠤᠭ ᠡᠭᠡᠯᠢᠳᠡᠢ ᠪᠠᠢ᠌ᠳᠠᠭ᠃

ᠮᠤᠩᠭ᠋ᠤᠯ ᠭᠦᠮᠤᠨ ᠮᠤᠷᠢ ᠪᠠᠨ ᠣᠨᠤᠭᠠᠤᠨ

ᠮᠠᠩᠨᠤᠭ ᠳᠠᠯ᠎ᠠ ᠪᠠᠷ ᠳᠡᠯᠡᠭᠡᠢ ᠬᠠᠢ᠌ᠪᠠᠯᠵᠠᠳᠠᠯ᠎ᠠ ᠳᠤᠪᠳᠤᠯᠭᠠᠳᠠᠭ᠂

ᠮᠤᠩᠭ᠋ᠤᠯ ᠭᠦᠮᠤᠨ ᠮᠤᠷᠢᠨ ᠤ ᠪᠠᠨ ᠣᠮᠤᠭ ᠵᠢᠠᠷ

ᠮᠠᠭᠤ ᠮᠠᠭᠤᠬᠠᠢ ᠪᠦᠭᠦᠨ ᠢ ᠰᠦᠰᠦ ᠶᠢ ᠨᠢ ᠬᠠᠭᠠᠷᠠᠳᠡᠯ᠎ᠡ ᠰᠥᠷᠳᠡᠭᠦᠯᠳᠡᠭ᠌᠃

ᠠᠷᠪᠠᠨ ᠭᠤᠷᠪᠠᠳᠤᠭᠠᠷ ᠵᠠᠭᠤᠨ ᠤ ᠠᠭᠳᠠ ᠶᠢᠨ ᠳᠤᠭᠤᠷᠠᠢ

ᠠᠯᠳᠠᠨ ᠳᠡᠯᠡᠭᠡᠢ ᠶᠢᠨ ᠵᠢᠷᠦᠭᠡ ᠶᠢ ᠴᠡᠴᠡᠷᠡᠭᠦᠯᠵᠤ

ᠠᠭᠤᠤ ᠦᠨᠳᠦᠰᠦᠳᠠᠨ ᠤ ᠪᠠᠭᠠᠳᠤᠷᠯᠢᠭ ᠳᠤᠮᠤᠭ

ᠠᠶᠤᠩᠭ᠋᠎ᠠ ᠶᠢᠨ ᠳᠠᠭᠤᠨ ᠲᠡᠶ ᠮᠥᠩᠭᠡ ᠠᠮᠢᠯᠠᠯ᠎ᠠ᠃

ᠵᠠᠭᠤᠨ ᠵᠠᠭᠤᠨ ᠤ ᠳᠠᠪᠠᠭ᠎ᠠ ᠵᠢ ᠲ᠋ᠤᠭᠤᠯᠵᠤ

ᠵᠤᠷᠢᠭ ᠶᠢᠡᠷ ᠶᠢᠡᠨ ᠳᠠᠪᠭᠢᠭᠰᠠᠨ ᠮᠤᠷᠢ ᠮᠢᠨᠢ

ᠵᠠᠭᠤᠷᠳᠤᠬᠠᠨ ᠮᠠᠠᠳᠤᠭᠰᠠᠨ ᠳᠠᠢ᠌ᠨ ᠤ ᠳᠠᠯᠠᠪᠣᠷ ᠳᠤ

ᠵᠢᠷᠤᠮ ᠶᠢᠡᠷ ᠵᠢᠠᠨ ᠲ᠋ᠠᠪᠭᠢᠭᠰᠠᠨ ᠮᠤᠷᠢ ᠮᠢᠨᠢ

ᠣᠷᠤᠭ᠎ᠠ ᠪᠣᠰᠬᠠᠭ᠎ᠠ ᠣᠨ ᠵᠢᠯ ᠢ ᠭᠢᠰᠭᠢᠯᠠᠵᠤ

ᠣᠮᠤᠭ ᠶᠢᠡᠷ ᠶᠢᠡᠨ ᠢᠯᠠᠭᠰᠠᠨ ᠮᠤᠷᠢ ᠮᠢᠨᠢ

ᠣᠨᠤᠭᠰᠠᠨ ᠪᠠᠭᠠᠳᠤᠷ ᠲᠡᠶ ᠪᠠᠨ ᠣᠬᠠᠭᠠᠨ ᠳᠠᠷ ᠳᠡᠩᠴᠡᠭ᠍ᠰᠡᠨ

ᠣᠩᠭ᠋ᠤᠨ ᠪᠠᠢ᠌ᠭᠠᠯᠢ ᠶᠢᠨ ᠰᠤᠮᠤᠨ ᠭᠦᠯᠦᠭ᠌ ᠮᠢᠨᠢ᠂

ᠠᠳᠤᠭᠤᠳ ᠢᠠᠴᠠᠭᠠᠬᠤ ᠶᠢᠨ ᠳᠠᠭᠤᠨ ᠵᠢᠠᠷ

ᠳᠠᠯ᠎ᠠ ᠶᠢᠨ ᠨᠠᠷᠠᠨ ᠮᠠᠠᠳᠤᠳᠠᠭ

ᠠᠢ᠌ᠵᠢᠮ ᠣᠶᠠᠬᠠᠨ ᠮᠤᠷᠢᠨ ᠬᠤᠭᠤᠷ ᠤᠨ ᠡᠭᠡᠰᠢᠭ᠌ ᠳᠤ

ᠠᠷᠳᠠᠭ ᠭᠦᠯᠦᠭ᠌ ᠡᠵᠡᠨ ᠶᠢᠡᠨ ᠡᠷᠢᠨ ᠭᠤᠭᠢᠯᠵᠠᠳᠠᠭ᠃

ᠳᠠᠮᠤᠴᠢ ᠶᠢᠨ ᠳᠠᠯ᠎ᠠ ᠪᠠᠷ ᠥᠩᠭᠡᠷᠡᠭᠦ ᠳ᠋ᠤ

ᠳᠠᠮᠢᠷ ᠳᠡᠩᠭᠡᠭᠡ ᠲᠡᠶ ᠭᠦᠳᠡᠷ ᠡᠷ᠎ᠡ

ᠳᠠᠪᠣᠬᠠᠨ ᠨᠠᠰᠤᠳᠠᠢ ᠪᠢᠴᠢᠬᠠᠨ ᠭᠡᠦᠭᠡᠤᠨ ᠢ

ᠳᠠᠰᠢᠭᠤᠷ ᠪᠠᠷᠢᠭᠤᠯᠵᠤ ᠡᠮᠨᠢᠭ᠌ ᠣᠨᠠᠭᠤᠯᠬᠤ ᠶᠢ ᠬᠠᠷᠠᠭᠰᠠᠨ

ᠳᠡᠦᠭᠡ ᠶᠢᠨ ᠦᠨᠡᠨ ᠶᠢᠡᠷ ᠠᠮᠢᠳᠤᠷᠠᠭᠰᠠᠨ ᠲ᠋ᠠᠷᠠ ᠮᠤᠷᠢ

ᠳᠠᠯ᠎ᠠ ᠶᠢᠨ ᠭᠡᠦᠭᠡᠤᠨ ᠢ ᠡᠷ᠎ᠡ  ᠪᠤᠯᠪᠠᠰᠤᠷᠠᠭᠤᠯᠵᠤ ᠪᠠᠢ᠌ᠨ᠎ᠠ

ᠳᠤᠮᠤᠭ ᠤᠨ ᠰᠠᠢ᠌ᠬᠠᠨ ᠢ ᠬᠠᠳᠠᠭᠠᠯᠠᠭᠰᠠᠨ ᠳᠠᠷᠠ ᠮᠤᠷᠢ

ᠳᠤᠯᠤᠭᠠᠨ ᠳᠢᠪ ᠤᠨ ᠭᠦᠮᠤᠨ ᠳᠤ ᠶᠠᠭᠤ ᠨᠢᠭᠡ ᠶᠠᠷᠢᠮᠠᠷ ᠪᠠᠢ᠌ᠨ᠎ᠠ

ᠮᠤᠩᠭ᠋ᠤᠯ ᠭᠦᠮᠤᠨ ᠮᠤᠷᠢ ᠲᠡᠶ ᠲᠠᠭᠠᠨ ᠣᠮᠤᠭᠯᠠᠩ

ᠮᠤᠩᠭ᠋ᠤᠯ ᠭᠦᠮᠤᠨ ᠮᠤᠷᠢ ᠲᠡᠶ ᠳᠠᠭᠠᠨ ᠵᠢᠪᠬᠤᠯᠠᠩ

ᠮᠤᠩᠭ᠋ᠤᠯ  ᠭᠦᠮᠤᠨ ᠮᠤᠷᠢ ᠲᠡᠶ ᠳᠠᠭᠠᠨ ᠵᠢᠷᠭᠠᠯᠠᠩ

ᠮᠤᠩᠭ᠋ᠤᠯ ᠭᠦᠮᠤᠨ ᠮᠤᠷᠢ ᠳᠠᠢ ᠳᠠᠭᠠᠨ ᠰᠡᠷᠭᠦᠯᠡᠩ᠃

ᠮᠤᠩᠭ᠋ᠤᠯ ᠭᠦᠮᠤᠨ ᠮᠤᠷᠢ ᠪᠠᠨ ᠳᠤᠪᠳᠤᠯᠭᠠᠵᠤ

ᠳᠠᠢ᠌ᠨ ᠳᠤ ᠶᠠᠪᠣᠳᠠᠭ ᠣᠨ ᠵᠢᠯ ᠪᠢᠰᠢ ᠪᠣᠯᠤᠭᠰᠠᠨ

ᠮᠤᠩᠭ᠋ᠤᠯ ᠭᠦᠮᠤᠨ ᠮᠤᠷᠢ ᠪᠠᠨ ᠬᠠᠢ᠌ᠷᠠᠯᠠᠭᠠᠤᠨ

ᠠᠶᠠᠨ ᠤ ᠣᠷᠳᠤ ᠶᠢ ᠪᠣᠳᠤᠯᠭᠢᠯᠠᠬᠤ ᠴᠠᠭ ᠪᠣᠯᠤᠭᠰᠠᠨ

ᠮᠤᠷᠢ ᠮᠢᠨᠢ ᠪᠠᠢ᠌ᠭᠰᠠᠨ ᠡᠴᠡ

ᠮᠤᠩᠭ᠋ᠤᠯ ᠤᠨ ᠳᠡᠯᠡᠭᠡᠢ ᠮᠠᠠᠳᠤᠭᠰᠠᠨ

ᠮᠤᠷᠢ ᠮᠢᠨᠢ ᠪᠠᠢ᠌ᠭᠰᠠᠨ ᠡᠴᠡ

ᠮᠤᠩᠭ᠋ᠤᠯ ᠭᠦᠮᠤᠨ ᠪᠣᠰᠤᠭ᠎ᠠ ᠨᠠᠷ᠎ᠠ ᠲᠡᠶ ᠪᠠᠨ ᠬᠠᠮᠳᠤ ᠴᠢᠯᠠᠭᠤᠵᠢᠭᠰᠠᠨ

ᠭᠦᠭᠡ ᠮᠥᠩᠭᠦᠨ ᠳᠠᠩᠷᠢ ᠵᠢᠨ

ᠮᠥᠩᠭᠡ ᠠᠮᠢᠯᠠᠬᠤ ᠰᠦᠨᠠᠰᠤᠨ

ᠭᠦᠭ᠍ᠵᠢᠯ ᠳᠠᠯᠯᠠᠬᠤ ᠪᠠᠭᠠᠳᠤᠷᠯᠢᠭ ᠮᠤᠩᠭ᠋ᠤᠯ ᠊ᠤᠨ

ᠡᠩᠭᠡ ᠨᠠᠮᠢᠷᠠᠬᠤ ᠰᠦᠯᠳᠡ ᠭᠡᠢ᠌ᠮᠦᠷᠢ︕

ᠳᠠᠷᠠ ᠮᠤᠷᠢ ᠶᠢ ᠪᠢ

ᠳᠡᠭ᠍ᠷᠢ ᠶᠢᠨ ᠭᠦᠯᠦᠭ᠌ ᠭᠡᠵᠤ ᠰᠢᠳᠦᠳᠡᠭ᠌

ᠳᠡᠭ᠍ᠷᠢᠯᠢᠭ᠌ ᠭᠦᠪᠠᠭᠦᠨ ᠴᠢᠩᠭᠢᠰ ᠤᠨ ᠭᠦᠯᠦᠭ᠌ ᠭᠡᠵᠤ ᠮᠠᠭᠳᠠᠳᠠᠭ

ᠳᠠᠷᠠ ᠮᠤᠷᠢ ᠶᠢ ᠪᠢ

ᠳᠠᠯ᠎ᠠ ᠶᠢᠨ ᠠᠮᠢᠳᠤᠷᠠᠯ ᠭᠡᠵᠤ ᠬᠠᠢ᠌ᠷᠠᠯᠠᠳᠠᠭ

ᠨᠠᠳᠠᠳᠤ ᠭᠠᠭᠴᠠ ᠪᠠᠢ᠌ᠳᠠᠭ ᠮᠤᠩᠭ᠋ᠤᠯ ᠮᠤᠷᠢ ᠭᠡᠵᠤ ᠣᠮᠤᠭᠰᠢᠭᠤᠯᠳᠠᠭ ᠡ︕

ᠵᠤᠬᠢᠶᠠᠭᠴᠢ᠄ ᠰᠤ᠋·ᠠᠨᠢᠰᠤ
ᠢᠷᠡᠯᠲᠡ᠄ ᠰᠤ᠋·ᠠᠨᠢᠰᠤ
ᠬᠠᠷᠢᠶ᠎ᠠ᠄ ᠰᠢᠯᠦᠭ
ᠳᠠᠷᠤᠮ᠄ 5491
ᠴᠠᠭ᠄ 2007 ᠤᠨ ᠤ 09 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ