☆ ᠳ᠋·ᠪᠦᠷᠢᠨᠲᠤᠭᠲᠠᠬᠤ
ᠴᠢᠨᠤ ᠲᠦᠯᠦᠭᠡ ᠪᠢ ᠠᠰᠠᠶᠠ
ᠴᠠᠷᠴᠠᠮᠠ ᠬᠠᠷᠠᠩᠭ᠋ᠤᠢ ᠦᠳᠡᠰᠢ ᠶᠢ
ᠦᠯᠮᠡᠢ ᠳᠤᠤᠷ᠎ᠠ ᠡᠴᠡ ᠴᠢᠨᠢ ᠦᠯᠳᠡᠨ
ᠴᠢᠨᠤᠭᠢ ᠪᠠᠨ ᠯᠠ ᠲᠦᠯᠦᠭᠡ ᠭᠡᠵᠤ
ᠴᠢᠩ ᠵᠢᠷᠦᠭᠡ ᠪᠠᠨ ᠣᠶᠠᠰᠬᠠᠨ ᠪᠠᠢ᠌ᠵᠤ
ᠴᠢᠪ ᠴᠢᠮᠡᠭᠡ ᠦᠭᠡᠶ ᠠᠰᠠᠶᠠ
ᠭᠡᠷᠡᠯᠳᠤ ᠨᠠᠷᠠᠨ ᠤ ᠳᠤᠤᠷ᠎ᠠ ᠪᠢ ᠪᠦᠳᠡᠭᠡᠢ
ᠭᠡᠭᠡᠨ ᠰᠠᠷᠠᠨ ᠤ ᠳᠤᠤᠷ᠎ᠠ ᠪᠢ ᠰᠥᠮᠡᠭᠡᠢ
ᠭᠡᠨ ᠳᠤ ᠴᠤ ᠪᠢ ᠬᠠᠢ᠌ᠷ᠎ᠠ ᠪᠠᠨ ᠬᠤᠪᠢᠶᠠᠬᠤ ᠦᠭᠡᠶ
ᠭᠡᠨ ᠤ ᠴᠤ ᠬᠠᠢ᠌ᠷ᠎ᠠ ᠶᠢ ᠪᠢ ᠭᠦᠰᠡᠭᠦ ᠥᠭᠡᠢ
ᠡᠡᠷᠢᠭᠤᠨ ᠴᠠᠭᠠᠨ ᠰᠡᠳᠭᠢᠯ ᠶᠢᠡᠨ
ᠳᠤᠰᠤᠯ ᠳᠤᠰᠤᠯ ᠪᠠᠷ ᠬᠠᠢ᠌ᠯᠠᠭᠤᠯᠵᠤ
ᠠᠯᠤᠰ ᠬᠤᠯᠠ ᠶᠢᠨ ᠴᠢᠮ᠎ᠠ ᠳᠠᠭᠠᠨ
ᠳᠤᠷ᠎ᠠ ᠬᠠᠢ᠌ᠷ᠎ᠠ ᠪᠠᠨ ᠰᠠᠴᠤᠷᠠᠭᠠᠨ
ᠰᠦᠨᠢ ᠶᠢᠨ ᠣᠳᠤᠳ ᠤᠨ ᠳᠤᠤᠷ᠎ᠠ
ᠰᠦᠮᠠᠨ ᠰᠦᠮᠠᠨ ᠠᠰᠠᠶᠠ
ᠨᠠᠷᠢᠨ ᠦᠷᠴᠢᠯᠡᠭᠡᠰᠤ ᠴᠢᠷᠠᠢ ᠳᠤ ᠴᠢᠨᠢ ᠰᠠᠭᠤᠵᠤ
ᠨᠢᠮᠭᠡᠨ ᠭᠢᠷᠠᠭᠤ ᠭᠡᠵᠢᠭᠡᠨ ᠳᠤ ᠴᠢᠨᠢ ᠣᠨᠠᠠᠠᠰᠠᠨ ᠴᠤ
ᠨᠠᠮᠠᠭᠤᠨ ᠵᠦᠭᠡᠯᠡᠨ ᠠᠮᠢᠰᠬᠤᠭ᠎ᠠ ᠶᠢ ᠴᠢᠨᠢ ᠲᠠᠭᠠᠨ
ᠨᠥᠭᠡᠯᠡᠨ ᠨᠥᠭᠡᠯᠡᠨ ᠬᠠᠨᠢᠯᠠᠬᠤ ᠶᠢ ᠰᠠᠨᠠᠨ
ᠴᠢᠴᠢᠮ᠎ᠠ ᠬᠠᠷ᠎ᠠ ᠦᠳᠡᠰᠢ ᠪᠦᠭᠦᠨ
ᠴᠢᠨᠤᠭᠢ ᠪᠠᠨ ᠲᠦᠯᠦᠭᠡ ᠠᠰᠠᠨ ᠠᠰᠠᠨ᠎ᠠ
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2011 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ