☆ ᠭᠠᠳᠠᠨ
ᠠᠳᠤᠭᠤᠴᠢᠨ
ᠳᠠᠯᠠᠷ ᠤᠨ ᠮᠤᠷᠤᠢ
ᠳᠠᠪᠠᠯᠭᠠᠨ ᠳᠦᠷᠦᠭᠡᠯᠡᠨ ᠮᠤᠷᠳᠠᠭᠠᠤᠨ
ᠳᠠᠷᠠᠰᠤᠨ ᠤ ᠭᠤᠵᠤᠩ
ᠵᠢᠷᠭᠢᠭᠡᠨ ᠳᠦᠷᠠᠢ᠌ᠯᠠᠨ ᠢᠷᠠᠨ᠎ᠠ
ᠠᠳᠤᠭᠤᠨ ᠤ ᠥᠤᠷ ᠡᠴᠡ
ᠱᠤᠤᠭᠢᠭᠠᠤᠨ ᠭᠠᠷᠬᠤ ᠰᠠᠷᠪᠠᠩ ᠲᠡᠶ
ᠢᠳᠠᠭᠤᠳᠤ ᠶᠢᠨ ᠭᠦᠡᠳᠡᠢ
ᠰᠡᠩᠭᠢᠨᠡᠭᠡᠳ ᠶᠠᠪᠣᠭ᠎ᠠ ᠬᠠᠷᠠᠭᠳᠠᠨ᠎ᠠ
ᠪᠦᠭᠡ ᠨᠣᠢ᠌ᠷᠰᠤᠭᠰᠠᠨ
ᠠᠷᠪᠠᠨ ᠭᠤᠷᠪᠠᠳᠤᠭᠠᠷ ᠵᠠᠭᠤᠨ ᠢ
ᠪᠦᠭᠦ ᠶᠢᠨ ᠦᠨᠳᠦᠷ ᠲᠤ
ᠡᠷᠭᠦᠭᠡᠳ ᠡᠷᠭᠦᠭᠡᠳ ᠳᠠᠯᠪᠢᠬᠤ ᠦᠦ ᠭᠡᠮᠡᠷ
ᠪᠣᠳᠠᠷᠠᠭᠤᠯᠤᠭᠠᠤᠨ ᠭᠠᠷᠬᠤ
ᠳᠦᠪᠠᠷᠭᠡᠨ ᠳᠤᠭᠤᠰᠤ ᠨᠢ ᠳᠤᠭ ᠪᠣᠯᠵᠤ
ᠪᠣᠳᠤᠯ ᠤᠨ ᠳᠡᠭ᠍ᠷᠢ ᠶᠢ
ᠬᠤᠷᠣᠢ᠌ᠯᠠᠭᠠᠤᠨ ᠬᠤᠷᠣᠢ᠌ᠯᠠᠭᠠᠤᠨ ᠬᠤᠴᠤᠷᠤᠨ᠎ᠠ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2009 ᠤᠨ ᠤ 01 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ