☆ ᠬᠦᠬᠡᠠ᠋ᠭᠤᠯᠠ
ᠮᠤᠩᠭ᠋ᠤᠯ ᠥᠰᠦᠭ᠌
ᠮᠤᠩᠭ᠋ᠤᠯ ᠥᠰᠦᠭ᠌
ᠮᠤᠩᠭ᠋ᠤᠯ ᠤᠨ ᠥᠰᠦᠭ᠌
ᠮᠥᠩᠭᠡ ᠳᠡᠭ᠍ᠷᠢ ᠵᠢᠨ
ᠳᠠᠮᠠᠭ᠎ᠠ ᠥᠰᠦᠭ᠌ ᠡ
ᠣᠤᠠᠬ᠎ᠠ ᠶᠢᠨ ᠨᠠᠮᠠᠭᠠᠨ ᠳᠤ ᠨᠢ
ᠣᠬᠠᠭᠠᠨ ᠤ ᠰᠢᠪᠠᠭᠤ ᠵᠢᠷᠭᠢᠵᠤ
ᠠᠭᠤᠯᠭ᠎ᠠ ᠶᠢᠨ ᠰᠠᠯᠠᠭᠠᠨ ᠳᠤ ᠨᠢ
ᠣᠷᠠᠨ ᠬᠠᠵᠢᠨ ᠡᠭᠦᠷᠯᠡᠭ᠍ᠰᠡᠨ
ᠮᠤᠩᠭ᠋ᠤᠯ ᠥᠰᠦᠭ᠌
ᠮᠤᠩᠭ᠋ᠤᠯ ᠤᠨ ᠥᠰᠦᠭ᠌
ᠮᠦᠩᠭᠡ ᠳᠡᠭ᠍ᠷᠢ ᠶᠢᠨ
ᠳᠠᠮᠠᠭ᠎ᠠ ᠥᠰᠦᠭ᠌ ᠡ
ᠳᠡᠭ᠍ᠷᠢ ᠶᠢ ᠪᠢᠯᠡᠭᠦᠳᠡᠭᠦ
ᠡᠪᠠᠷ ᠲᠡᠶ
ᠳᠢᠪ ᠢ ᠱᠥᠭᠦᠷᠳᠡᠭᠦ
ᠰᠡᠭᠦᠯ ᠲᠡᠶ
ᠳᠡᠩᠭᠡᠭᠡ ᠪᠠᠨ ᠭᠠᠢ᠌ᠬᠠᠭᠤᠯᠬᠤ
ᠨᠢᠷᠤᠭᠤ ᠲᠡᠶ
ᠳᠠᠮᠤᠵᠤ ᠭᠦᠷᠦᠭᠦ
ᠭᠡᠵᠢᠭᠡ ᠲᠡᠶ
ᠳᠠᠰᠤᠯᠵᠤ ᠵᠠᠯᠭᠠᠬᠤ
ᠦᠶ᠎ᠡ ᠲᠡᠶ
ᠳᠠᠨᠢᠵᠤ ᠨᠢᠳᠦᠯᠡᠭᠦ
ᠠᠪᠢᠶ᠎ᠠ ᠲᠡᠶ
ᠮᠤᠩᠭ᠋ᠤᠯ ᠥᠰᠦᠭ᠌
ᠮᠤᠩᠭ᠋ᠤᠯ ᠤᠨ ᠥᠰᠦᠭ᠌
ᠮᠥᠩᠭᠡ ᠳᠡᠭ᠍ᠷᠢ ᠶᠢᠨ
ᠳᠠᠮᠠᠭ᠎ᠠ ᠥᠰᠦᠭ᠌ ᠡ
ᠳᠡᠭ᠍ᠷᠢ ᠥᠭᠡᠳᠡ ᠴᠠᠭᠢᠯᠤᠭᠰᠠᠨ
ᠪᠣᠰᠤᠭ᠎ᠠ ᠭᠢᠯᠪᠠᠭᠡᠨ
ᠳᠢᠪ ᠳᠡᠯᠡᠭᠡᠢ ᠳᠤ ᠵᠠᠷᠯᠠᠭᠰᠠᠨ
ᠣᠷᠳᠤ ᠵᠠᠭᠢᠶ᠎ᠠ
ᠮᠤᠩᠭ᠋ᠤᠯ ᠥᠰᠦᠭ᠌
ᠮᠤᠩᠭ᠋ᠤᠯ ᠤᠨ ᠥᠰᠦᠭ᠌
ᠮᠥᠩᠭᠡ ᠳᠡᠭ᠍ᠷᠢ ᠶᠢᠨ
ᠳᠠᠮᠠᠭ᠎ᠠ ᠥᠰᠦᠭ᠌ ᠡ
ᠡᠯᠧᠮᠧᠨ᠋ᠲ ᠳᠤᠳᠠᠬᠤ ᠦᠭᠡᠶ
ᠡᠷᠡᠭᠦᠯ ᠣᠬᠠᠭᠠᠨ ᠤ ᠳᠦᠷᠢ
ᠴᠢᠳᠠᠯ ᠪᠦᠷᠢᠨ
ᠴᠢᠭᠢᠷᠠᠭ ᠬᠠᠳᠠᠨ ᠴᠤᠭᠴᠠᠰ
ᠮᠢᠨᠤ ᠮᠤᠩᠭ᠋ᠤᠯ ᠥᠰᠦᠭ᠌
ᠮᠢᠨᠤ ᠳᠡᠭᠡᠳᠦᠰ ᠤᠨ ᠣᠬᠠᠭᠠᠨ
ᠮᠤᠷᠢᠳᠠᠨ ᠦᠨᠳᠦᠰᠦᠳᠠᠨ ᠤ
ᠮᠤᠯᠤᠷ ᠡᠷᠳᠡᠨᠢ ᠡ
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤ
ᠵᠤᠬᠢᠶᠠᠭᠴᠢ᠄ ᠬᠦᠬᠡᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ