ᠨᠡᠪᠲᠡᠷᠡᠨ ᠤᠷᠤᠬᠤ
ᠭᠦᠢᠳᠡᠨ ᠴᠠᠰᠤᠨ ᠳᠤ ᠰᠥᠭᠦᠳᠦᠯ᠎ᠡ

ᠶᠠᠭᠠᠭᠢᠬᠤ ᠳᠤ ᠪᠠᠨ ᠶᠤᠮ ᠪᠣᠢ ᠭᠡᠵᠤ

ᠪᠢᠳᠡᠭᠡᠢ ᠠᠰᠠᠭᠤ

ᠶᠠᠳᠠᠷᠠᠳᠠᠯ᠎ᠠ ᠭᠦᠳᠡᠯᠮᠦᠷᠢᠯᠡᠭᠡ ᠦᠭᠡᠶ

ᠳᠤᠩ ᠣᠳᠠᠵᠤ

ᠶᠠᠷᠢᠳᠠᠭ ᠥᠭᠡᠨ ᠡᠴᠡ ᠪᠠᠨ

ᠪᠣᠳᠤᠯ ᠮᠢᠨᠢ ᠵᠦᠷᠢᠴᠠᠵᠤ

ᠶᠠᠪᠣᠳᠠᠭ ᠵᠠᠮ ᠡᠴᠡ ᠪᠠᠨ

ᠬᠠᠶᠠ ᠭᠠᠷᠤᠭᠰᠠᠨ ᠮᠠᠳᠤ ᠪᠣᠯᠵᠤ

ᠶᠠᠯᠠᠳᠠᠶ᠎ᠠ᠂ ᠵᠠᠯᠬᠠᠭᠠᠶ᠎ᠠ

ᠦᠪᠡᠷ ᠢ ᠪᠠᠨ ᠭᠡᠭᠦ ᠳᠤ ᠪᠠᠨ

ᠶᠠᠰᠤ ᠶᠠᠩᠭᠢᠨᠠᠮ᠎ᠠ ᠭᠦᠢᠳᠡᠨ ᠴᠠᠰᠤᠨ ᠳᠤ

ᠪᠢ

ᠰᠥᠭᠦᠳᠦᠯ᠎ᠡ

ᠵᠢᠱᠢᠶᠠᠴᠢ ᠨᠠᠷ᠎ᠠ ᠲᠡᠶ ᠶᠠᠪᠣᠭ᠎ᠠ ᠴᠤ

ᠰᠤᠷᠤᠭᠴᠢ ᠳᠤ ᠪᠠᠨ ᠪᠢ ᠦᠷᠢ ᠲᠡᠶ

ᠵᠢᠭᠠᠬᠠᠨ ᠭᠡᠵᠤ ᠴᠢᠮᠠᠯᠠᠭ᠎ᠠ ᠦᠭᠡᠶ

ᠴᠠᠯᠢᠩ ᠳᠤ ᠪᠠᠨ ᠪᠢ ᠦᠷᠢ ᠲᠡᠶ

ᠵᠢᠷ ᠤᠨ ᠮᠤᠩᠭ᠋ᠤᠯ ᠰᠡᠳᠭᠦᠯ ᠳᠤ ᠪᠠᠨ

ᠰᠢᠯᠦᠭ᠌ ᠶᠢᠡᠷ ᠪᠢ ᠦᠷᠢ ᠲᠡᠶ

ᠵᠢᠷᠦᠭᠡᠨ ᠠᠷᠭᠠᠮᠵᠢᠶ᠎ᠠ ᠨᠤᠳᠤᠭ ᠲᠤ ᠪᠠᠨ

ᠨᠠᠰᠤ ᠪᠠᠷ ᠶᠢᠡᠨ ᠪᠢ ᠦᠷᠢ ᠲᠡᠶ

ᠬᠠᠯᠠᠭᠤᠨ ᠭᠡᠷ ᠲᠤ ᠪᠠᠨ ᠬᠤᠷᠭᠤᠳᠠᠵᠤ

ᠬᠠᠮᠤᠭ ᠪᠠᠯᠠᠨ ᠢ ᠵᠤᠭᠤᠭᠯᠠᠵᠤ

ᠳᠠᠪᠠᠯ ᠶᠢᠡᠨ ᠳᠠᠭᠠᠭᠠᠬᠤ ᠴᠢᠳᠠᠯ ᠦᠭᠡᠶ

ᠳᠡᠩᠳᠡᠭᠦᠤ ᠵᠢᠷᠭᠠᠵᠤ ᠪᠠᠢ᠌ᠭ᠎ᠠ ᠪᠣᠢ ᠳ᠋ᠠ

ᠨᠠᠮᠢ᠋ᠢ ᠪᠢᠳᠡᠭᠡᠢ ᠬᠠᠢ᠌ᠷᠠᠯᠠ

ᠨᠠᠢ᠌ᠷ ᠪᠢᠳᠡᠭᠡᠢ ᠬᠠᠶᠠ

ᠨᠠᠷᠢᠨ ᠰᠢᠯᠪᠢ ᠪᠠᠷ ᠣᠷᠢᠶᠠᠯᠭᠠᠨ ᠳᠠᠳᠠᠵᠤ

ᠰᠥᠭᠦᠤᠨ ᠭᠡᠮᠡᠨ

ᠳᠠᠰᠤᠷᠠᠳᠠᠯ᠎ᠠ ᠭᠤᠶᠠᠳᠠᠬᠤ ᠳᠤ ᠪᠠᠨ

ᠳᠠᠭᠠᠷᠠᠨ᠎ᠠ ᠡ --

ᠳᠠᠯ᠎ᠠ ᠮᠢᠨᠢ᠂ ᠠᠭᠤᠯᠠ ᠮᠢᠨᠢ᠃

ᠰᠥ᠋ ᠰᠢᠭ᠌᠂ ᠡᠨᠡ ᠴᠠᠰᠤ ᠰᠢᠭ ᠴᠠᠭᠠᠨ

ᠰᠡᠳᠭᠢᠯ ᠤᠨ ᠶᠢᠡᠨ ᠭᠦᠨ ᠣᠷᠤᠭᠤ

ᠪᠣᠴᠠᠭᠠᠰᠠᠢ

ᠰᠦᠮᠠᠳᠠᠢ ᠪᠣᠳᠠᠷ ᠤᠨ ᠴᠢᠯᠠᠭᠤᠨ ᠡᠴᠡ

ᠭᠠᠯ ᠠᠪᠴᠤ

ᠰᠢᠯᠦᠭ᠌ ᠤᠨ ᠣᠷᠮᠠᠰ ᠮᠢᠨᠢ

ᠨᠤᠴᠤᠭᠠᠰᠠᠢ

ᠡᠭᠡᠷᠡᠮ᠎ᠡ ᠭᠦᠳᠡᠭᠡ ᠳᠤ

ᠡᠷ᠎ᠡ ᠭᠦᠮᠤᠨ

ᠰᠥᠭᠦᠳᠴᠤ ᠳᠠᠩᠭ᠋ᠠᠷᠢᠭᠯᠠᠳᠠᠭ ᠶᠤᠮ

ᠦᠪᠡᠷ ᠤᠨ ᠶᠢᠡᠨ ᠵᠠᠮ ᠶᠢᠡᠷ

ᠨᠠᠷ᠎ᠠ ᠭᠦᠡᠳᠤ

ᠰᠦᠷᠴᠤ ᠳᠠᠪᠭᠢᠭᠤᠯᠳᠠᠭ ᠶᠤᠮ

ᠭᠦᠯᠴᠦᠭᠦᠷᠡᠯ ᠳᠤ ᠪᠠᠨ ᠳᠠᠢ᠌ᠯᠳᠠᠵᠤ

ᠭᠦᠯ ᠬᠠᠯᠳᠤᠷᠢᠨ ᠣᠨᠠᠭᠰᠠᠨ ᠪᠢᠰᠢ

ᠭᠦᠰᠡᠷᠳᠡᠭᠡ ᠦᠭᠡᠶ ᠵᠤᠷᠢᠭ ᠶᠢᠡᠷ

ᠭᠦᠢᠳᠡᠨ ᠴᠠᠰᠤᠨ ᠳᠤ

ᠪᠢ

ᠣᠳᠠᠭᠠᠨ

ᠰᠥᠭᠦᠳᠦᠯ᠎ᠡ

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2009 ᠤᠨ ᠤ 02 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ