ᠨᠡᠪᠲᠡᠷᠡᠨ ᠤᠷᠤᠬᠤ
ᠰᠢᠯᠦᠭ᠌ ᠮᠢᠨᠢ ᠨᠢᠰᠦᠭᠡᠷᠡᠢ

ᠡᠭᠡᠰᠢᠭ᠌ ᠳᠠᠭᠤᠳᠤ ᠰᠢᠯᠦᠭ᠌ ᠮᠢᠨᠢ

ᠡᠷ᠎ᠡ ᠪᠣᠷᠤ ᠬᠠᠷᠴᠠᠭᠠᠢ ᠰᠢᠭ᠌

ᠡᠭᠡ ᠳᠡᠯᠡᠭᠡᠢ ᠶᠢᠨ ᠶᠢᠡᠨ ᠡᠯᠢᠭᠡᠨ ᠳ᠋ᠤ

ᠡᠷᠭᠡ ᠳᠠᠪᠠ ᠪᠠᠷ ᠶᠢᠡᠨ ᠨᠢᠰᠦᠭᠡᠷᠡᠢ︕


ᠵᠢᠷᠦᠭᠡᠨ ᠤ ᠨᠢᠭᠤᠴᠠᠬᠠᠨ ᠪᠣᠳᠤᠯ ᠢ ᠮᠢᠨᠢ

ᠵᠢᠭᠦᠷ ᠲᠡᠭᠡᠨ ᠳᠡᠭᠡᠭᠡᠭᠡᠳ ᠨᠢᠰᠦᠭᠡᠷᠡᠢ︕

ᠵᠡᠭᠦᠳᠤᠨ ᠤ ᠮᠢᠨᠢ ᠮᠥᠭ᠍ᠭᠡ ᠶᠢᠨ ᠮᠠᠨᠠᠭᠠᠴᠢ ᠳ᠋ᠤ

ᠵᠢᠭ᠍ᠵᠦᠦᠭᠡᠢ ᠰᠢᠭ᠌ ᠵᠢᠷᠭᠢᠭ᠍ᠰᠡᠭᠡᠷ ᠭᠡᠯᠡᠭᠡᠷᠡᠢ︕


ᠡᠷᠪᠠᠢ ᠭᠦᠭᠡᠷᠦᠭᠦᠨ ᠰᠢᠯᠦᠭ᠌ ᠮᠢᠨᠢ

ᠡᠷᠪᠠᠭᠡᠢ ᠰᠢᠭ᠌ ᠳᠡᠭ᠍ᠳᠡᠭ᠍ᠰᠡᠭᠡᠷ ᠨᠢᠰᠦᠭᠡᠷᠡᠢ︕

ᠣᠷᠳᠤᠰ ᠨᠤᠳᠤᠭ ᠤᠨ ᠮᠢᠨᠢ ᠭᠤᠶᠤᠮᠰᠢᠭ ᠢ

ᠣᠯᠠᠨ ᠳᠠᠭᠠᠨ ᠢᠩᠭᠢᠵᠤ ᠥᠭᠦᠯᠡᠭᠡᠷᠡᠢ︕


ᠦᠷᠯᠦᠭ᠌ ᠡᠵᠡᠨ ᠤ ᠮᠢᠨᠢ ᠵᠠᠰᠠᠯ ᠵᠢᠠᠷ

ᠦᠪᠴᠢ ᠪᠠᠶ᠎ᠠ ᠪᠠᠨ ᠴᠢᠮᠡᠭᠯᠡᠭᠡᠷᠡᠢ︕

ᠦᠨᠳᠦᠷ ᠣᠭᠳᠠᠷᠭᠤᠢ ᠶᠢᠨ ᠴᠡᠭᠡᠯ ᠳ᠋ᠤ

ᠣᠮᠤᠭ ᠳᠡᠭᠦᠯᠳᠡᠷ ᠨᠢᠰᠦᠭᠡᠷᠡᠢ︕


ᠬᠠᠳᠠᠨ ᠵᠤᠷᠢᠭᠳᠤ ᠪᠣᠭᠤᠷᠤᠯ ᠤᠳ ᠤᠨ ᠮᠢᠨᠢ

ᠬᠠᠴᠢᠨ ᠰᠠᠢ᠌ᠬᠠᠨ ᠳᠤᠮᠤᠭ ᠤᠳ ᠢ

ᠬᠠᠨ ᠠᠭᠤᠯᠠ ᠶᠢ ᠳᠠᠪᠠᠳᠠᠯ᠎ᠠ

ᠬᠠᠩᠭᠢᠰᠬ᠎ᠠ ᠴᠤᠤᠷᠢᠶ᠎ᠠ ᠲᠡᠶ ᠳᠠᠮᠵᠢᠭᠤᠯᠤᠭᠠᠷᠠᠢ︕


ᠳᠡᠦᠭᠡ ᠰᠤᠶᠤᠯ ᠤᠨ ᠣᠯᠠᠮᠵᠢᠯᠠᠯ ᠳᠠᠢ

ᠳᠸᠭ᠍ᠨᠢᠭ᠌ ᠮᠡᠷᠭᠡᠵᠢᠯ ᠤᠨ ᠳᠠᠪᠰᠢᠯᠳᠠ ᠳᠠᠢ

ᠳᠦᠭᠦᠭᠡᠢ ᠠᠭᠤᠷᠬᠠᠢ ᠶᠢᠨ ᠪᠣᠯᠠᠭᠳᠠᠴᠠ ᠳᠠᠢ

ᠳᠠᠷᠬᠠᠨ ᠰᠠᠢ᠌ᠬᠠᠨ ᠨᠤᠳᠤᠭ ᠣᠷᠳᠤᠰ ᠭᠡᠭ᠍ᠴᠢ ᠪᠣᠢ᠃


ᠳᠡᠨᠢᠭᠡᠷ ᠠᠭᠤᠳᠠᠮ ᠪᠠᠯᠴᠢᠭᠡᠷ ᠳᠠᠢ

ᠳᠠᠪᠤᠨ ᠬᠤᠰᠢᠭᠤ ᠮᠠᠯ ᠳᠠᠢ

ᠳᠠᠷᠠᠭ ᠠᠢ᠌ᠷᠠᠭ ᠤᠨ ᠣᠮᠳᠠ ᠳᠠᠢ

ᠳᠠᠩᠰᠤᠭ ᠰᠠᠢ᠌ᠬᠠᠨ ᠨᠤᠳᠤᠭ ᠣᠷᠳᠤᠰ ᠭᠡᠭ᠍ᠴᠢ ᠪᠣᠢ᠃


ᠵᠤᠯᠪᠣᠭ᠎ᠠ ᠴᠢᠩᠭ᠎ᠠ ᠣᠷᠳᠤᠰ ᠡᠷᠡᠴᠦᠳ ᠨᠢ

ᠵᠤᠷᠢᠭ ᠶᠢᠡᠨ ᠡᠷᠴᠢᠯᠡᠭ᠍ᠰᠡᠭᠡᠷ ᠪᠠᠢ᠌ᠨᠠᠮ᠂

ᠵᠢᠰᠦᠷᠭᠡᠭ᠌ ᠭᠤᠸ᠎ᠠ ᠣᠷᠳᠤᠰ ᠪᠤᠰᠦᠭᠦᠢᠴᠦᠳ ᠨᠢ

ᠵᠢᠷᠭᠠᠯ ᠶᠢᠡᠨ ᠭᠦᠭᠡᠭᠡᠴᠡᠯᠳᠦᠭ᠍ᠰᠡᠭᠡᠷ ᠪᠠᠢ᠌ᠨᠠᠮ᠃


ᠵᠢᠭᠠᠬᠠᠨ ᠭᠦᠭᠡᠷᠦᠭᠦᠨ ᠰᠢᠯᠦᠭ᠌ ᠮᠢᠨᠢ

ᠵᠢᠪᠬᠤᠭᠠᠳᠠᠢ᠌ᠬᠠᠨ ᠨᠢᠰᠦᠭᠡᠷᠡᠢ︕

ᠵᠢᠷᠭᠠᠯᠠᠩᠳᠤ ᠡᠨᠡ ᠣᠷᠤᠨ ᠳ᠋ᠠᠭᠠᠨ

ᠵᠤᠯ ᠲᠡᠶ ᠪᠦᠭᠦᠨ ᠶᠢᠡᠨ ᠵᠠᠯᠠᠭᠠᠷᠠᠢ︕


ᠵᠤᠬᠢᠶᠠᠭᠴᠢ ᠶᠢᠨ ᠬᠠ‍‌ᠶᠢᠭ ᠄ ᠣᠷᠳᠤᠰ

ᠵᠤᠬᠢᠶᠠᠭᠴᠢ᠄ ᠬᠠᠩᠭᠢᠠᠴᠤᠳ ᠴᠤᠯᠮᠤᠨ‍ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2630
ᠴᠠᠭ᠄ 2010 ᠤᠨ ᠤ 12 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ